《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ
97᠂ ᠲᠡᠨᠳᠡ᠎ᠡᠴᠡ ᠪᠦᠷᠬᠢᠡᠷᠭᠢᠳᠦ ᠨᠤᠲᠤᠭᠯᠠᠨ ᠪᠦᠬᠦᠢ᠎ᠳᠦ ᠪᠣᠷᠬᠠᠨ ᠬᠠᠯᠳᠤᠨ᠎ᠠᠴᠠ ᠣᠷᠢᠶᠠᠩᠬᠠᠢ᠎ᠶᠢᠨ ᠵᠠᠷᠴᠢᠭᠤᠳᠠᠢ ᠡᠪᠦᠭᠡᠨ ᠬᠥᠭᠡᠷᠭᠡ ( ᠲᠡᠮᠦᠷ᠎ᠦᠨ ᠳᠠᠷᠬᠠᠨ᠎ᠤ ᠦᠯᠢᠶᠡᠬᠦ ᠲᠤᠯᠤᠮ) ᠪᠠᠨ ᠡᠭᠦᠷᠴᠦ ᠵᠠᠯᠮ᠎ᠠ ᠨᠡᠷᠡᠲᠦ ᠬᠦᠪᠡᠭᠦᠨ᠎ᠢᠶᠡᠨ ᠳᠠᠭᠠᠭᠤᠯᠵᠤ ᠢᠷᠡᠭᠡᠳ ᠄ 《 ᠣᠨᠣᠨᠤ ᠳᠡᠯᠢᠭᠦᠨ ᠪᠣᠯᠳᠠᠭ᠎ᠲᠤ ᠲᠡᠮᠦᠵᠢᠨ ᠴᠢᠮᠠᠶ᠋ᠢ ᠲᠥᠷᠦᠬᠦ᠎ᠳᠦ ᠪᠤᠯᠠᠭᠠᠨ ᠥᠯᠦᠭᠡᠢ ᠥᠭᠭᠦᠭᠰᠡᠨ ᠪᠠ ᠪᠢ ᠡᠨᠡ ᠬᠦᠪᠡᠭᠦᠨ ᠵᠠᠯᠮ᠎ᠠ᠎ᠶᠢ ᠴᠢᠮᠠᠳᠣ᠌ ᠥᠭᠭᠦᠭᠰᠡᠨ ᠪᠣᠯᠪᠠᠴᠤ᠂ ᠪᠠᠯᠴᠢᠷ ᠤᠴᠢᠷ᠎ᠠᠴᠠ ᠭᠡᠷ᠎ᠲᠦ ᠠᠪᠠᠴᠢᠪᠠ᠃ ᠣᠳᠣ᠌ ᠴᠢ᠂ ᠮᠢᠨᠤ ᠬᠦᠪᠡᠭᠦᠨ ᠵᠠᠯᠮ᠎ᠠ᠎ᠪᠠᠷ ᠡᠮᠡᠭᠡᠯ᠎ᠢᠶᠡᠨ ᠲᠣᠬᠤᠭᠤᠯ \ ᠡᠭᠦᠳᠡ᠎ᠪᠡᠨ ᠰᠡᠬᠦᠭᠦᠯ》 ᠭᠡᠵᠦ ᠥᠭᠪᠡ᠃