ᠮᠣᠩᠭᠣᠯ᠎ᠤᠨ ᠨᠢᠭᠤᠴᠠ ᠲᠣᠪᠴᠢᠶᠠᠨ — 64

《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ

64᠂ ᠮᠠᠨ᠎ᠤ ᠬᠣᠩᠬᠢᠷᠠᠳ ᠬᠡᠳᠦᠢᠨ᠎ᠡᠴᠡ ᠪᠣᠰᠤᠳ᠎ᠤᠨ ᠨᠤᠲᠤᠭ ᠪᠠ ᠬᠥᠮᠥᠨ᠎ᠢ ᠪᠣᠯᠢᠶᠠᠨ ᠲᠡᠮᠡᠴᠡᠯᠳᠦᠳᠡᠭ ᠦᠭᠡᠢ᠃ ᠬᠠᠷᠢ ᠤᠯᠤᠰ᠎ᠢ ᠥᠯᠦ ᠳᠣᠪᠲᠤᠯᠤᠨ \ ᠬᠠᠴᠠᠷ ᠰᠠᠢᠲᠤ ᠥᠬᠢᠳ᠎ᠢᠶᠡᠨ \ ᠬᠠᠰᠠᠭ ᠲᠡᠷᠭᠡᠨ᠎ᠳᠦ ᠰᠠᠭᠤᠯᠭᠠᠵᠤ \ ᠬᠠᠷ᠎ᠠ ᠪᠤᠤᠷ᠎ᠠ ᠭᠥᠯᠯᠡᠵᠤ \ ᠬᠠᠲᠠᠷᠢᠭᠤᠯᠵᠤ ᠤᠳᠴᠤ \ ᠬᠠᠭᠠᠨ ᠪᠣᠯᠤᠭᠰᠠᠨ ᠲᠠ ᠨᠠᠷ᠎ᠤᠨ \ ᠬᠠᠲᠤᠨ ᠰᠠᠭᠤᠷᠢᠨ᠎ᠳᠤ ᠳᠡᠪᠰᠢᠭᠦᠯᠵᠦ \ ᠬᠠᠮᠲᠤ ᠰᠠᠭᠤᠯᠭᠠᠮᠤᠢ᠃ \ ᠥᠭᠡᠷ᠎ᠡ ᠢᠷᠭᠡᠨ᠎ᠢ ᠥᠯᠦ ᠲᠡᠮᠡᠴᠡᠨ \ ᠥᠩᠭᠡ ᠰᠠᠢᠲᠤ ᠦᠬᠢᠳ᠎ᠢᠶᠡᠨ \ ᠥᠯᠵᠢᠭᠡᠲᠠᠢ ( ᠰᠠᠭᠤᠳᠠᠯ ᠲᠠᠢ) ᠳᠡᠷᠭᠡᠨ᠎ᠳᠦ ᠰᠠᠭᠤᠯᠭᠠᠵᠤ \ ᠥᠯ ᠪᠤᠤᠷ᠎ᠠ ᠬᠥᠯᠯᠡᠵᠦ \ ᠡᠭᠦᠰᠭᠡᠵᠦ ᠣᠳᠴᠤ \ ᠥᠨᠳᠦᠷ ᠰᠠᠭᠣᠷᠢ ᠡᠵᠡᠯᠡᠭᠴᠢᠳ᠎ᠦᠨ \ ᠥᠷᠦᠭᠡᠯ ᠬᠠᠨᠢ ᠪᠣᠯᠭᠠᠨ᠎ᠠ᠃ ᠮᠠᠨ᠎ᠤ ᠬᠣᠩᠬᠢᠷᠠᠳ ᠬᠡᠳᠦᠢᠨ᠎ᠡᠴᠡ ᠬᠠᠴᠠᠷ ᠭᠤᠸ᠎ᠠ ᠬᠠᠲᠤᠳ ᠲᠠᠢ᠂ ᠦᠩᠭᠡ ᠰᠠᠢᠨ ᠦᠬᠢᠳ ᠲᠠᠢ ᠲᠤᠯᠠ ᠵᠢᠭᠡ᠎ᠶᠢᠨ ᠵᠢᠰᠦ᠎ᠪᠡᠷ᠂ ᠦᠬᠢᠳ᠎ᠦᠨ ᠥᠩᠭᠡ᠎ᠪᠡᠷ ᠶᠠᠪᠤᠳᠠᠭ᠃

(0)
上一篇 2026年8月19日 上午10:02
下一篇 2026年8月19日 上午10:07

相关推荐

发表回复

登录后才能评论
返回顶部