ᠮᠣᠩᠭᠣᠯ᠎ᠤᠨ ᠨᠢᠭᠤᠴᠠ ᠲᠣᠪᠴᠢᠶᠠᠨ — 91

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

91᠂ ᠬᠣᠢᠨ᠎ᠠ᠎ᠠᠴᠠ ᠨᠢ ᠣᠯᠠᠨ ᠬᠥᠮᠥᠨ ᠴᠣᠪᠤᠯᠳᠤᠨ ᠬᠦᠭᠡᠭᠡᠪᠡ᠃ ᠲᠡᠳᠡᠨ᠎ᠦ ᠳᠣᠲᠤᠷ᠎ᠠ᠎ᠠᠴᠠ ᠨᠢᠭᠡᠨ ᠴᠠᠭᠠᠨ ᠮᠣᠷᠢ ᠬᠥᠮᠥᠨ ᠤᠷᠭ᠎ᠠ ᠪᠠᠷᠢᠵᠤ ᠭᠠᠭᠴᠠᠭᠠᠷ ᠭᠦᠢᠴᠡᠵᠤ ᠢᠷᠡᠬᠦ᠎ᠳᠦ ᠪᠤᠭᠤᠷᠴᠢ ᠄ 《 ᠨᠥᠬᠦᠷ ᠴᠢ᠂ ᠨᠣᠮᠤ ᠰᠣᠮᠣ᠌᠎ᠪᠠᠨ ᠨᠠᠳᠠ᠎ᠳᠤ ᠥᠭ᠃ ᠪᠢ ᠬᠠᠷᠪᠤᠯᠳᠤᠶ᠎ᠠ 》 ᠭᠡᠰᠡᠨ᠎ᠳᠦ᠂ ᠲᠡᠮᠦᠵᠢᠨ ᠄ 《 ᠮᠢᠨᠤ ᠲᠥᠯᠦᠭᠡ ᠴᠢ ᠡᠷᠦᠰᠳᠡᠭᠦᠵᠡᠢ᠃ ᠪᠢ ᠬᠠᠷᠪᠤᠯᠳᠤᠶ᠎ᠠ 》 ᠭᠡᠵᠦ ᠡᠷᠭᠢᠵᠦ ᠬᠠᠷᠪᠤᠯᠳᠤᠪᠠ᠃ ᠲᠡᠷᠡ ᠴᠠᠭᠠᠨ ᠮᠣᠷᠢ ᠲᠠᠢ ᠬᠥᠮᠥᠨ ᠤᠷᠭ᠎ᠠ᠎ᠪᠠᠷ ᠲᠣᠬᠢᠭ᠍ᠰᠠᠭᠠᠷ ᠬᠣᠴᠤᠷᠪᠠᠯ ᠬᠣᠢᠲᠤᠬᠢ ᠨᠦᠬᠦᠳ ᠢᠨᠣ᠌ ᠤᠪᠤᠨ ᠴᠤᠪᠤᠨ ᠭᠦᠢᠴᠡᠵᠤ ᠢᠷᠡᠭᠰᠡᠨ ᠪᠣᠯᠪᠠᠴᠤ᠂ ᠨᠢᠭᠡᠨᠲᠡ ᠨᠠᠷᠡᠨ ᠠᠭᠤᠯᠠ ᠲᠠᠰᠢᠨ ᠰᠢᠩᠭᠡᠵᠦ ᠪᠦᠷᠦᠩᠬᠦᠢ ᠪᠣᠯᠤᠭᠰᠠᠨ ᠲᠤᠯᠠ ᠲᠡᠳᠡ ᠨᠡᠬᠡᠵᠦ ᠴᠢᠳᠠᠬᠤ ᠦᠭᠡᠢ ᠬᠣᠴᠤᠷᠪᠠ᠃

(0)
上一篇 2026年8月28日 上午8:43
下一篇 6天前

相关推荐

发表回复

登录后才能评论
返回顶部