ᠮᠣᠩᠭᠣᠯ᠎ᠤᠨ ᠨᠢᠭᠤᠴᠠ ᠲᠣᠪᠴᠢᠶᠠᠨ — 57

《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ

57᠂ ᠠᠮᠪᠠᠭᠠᠢ ᠬᠠᠭᠠᠨ ᠪᠠᠷᠢᠭ᠍ᠳᠠᠭᠠᠳ ᠬᠠᠳᠠᠭᠠᠨ᠂ ᠬᠣᠲᠠᠯᠠ ᠬᠣᠶᠠᠷ᠎ᠢ ᠨᠡᠷ᠎ᠡ ᠵᠢᠭᠠᠭᠰᠠᠨ ᠲᠤᠯᠠ ᠬᠠᠮᠤᠭ ᠮᠣᠩᠭᠣᠯ᠂ ᠲᠠᠢᠴᠢᠭᠤᠳ ᠨᠠᠷ ᠣᠨᠤᠨ ᠮᠦᠷᠡᠨ᠎ᠦ ᠬᠤᠷᠬᠤᠨᠠᠭ᠎ᠤᠨ ᠬᠦᠨᠳᠡᠢ ᠭᠡᠬᠦ ᠭᠠᠵᠠᠷ ᠴᠤᠭᠯᠠᠷᠠᠵᠤ ᠬᠡᠯᠡᠯᠴᠠᠭᠡᠳ ᠬᠤᠲᠠᠯᠠ᠎ᠶᠢ ᠬᠠᠭᠠᠨ ᠪᠣᠯᠭᠠᠪᠠ᠃ ᠮᠣᠩᠭᠣᠯ᠎ᠤᠨ ᠵᠢᠷᠭᠠᠯᠠᠩ ᠠᠨᠤ ᠪᠦᠵᠢᠭ᠂ ᠬᠣᠷᠢᠮ ᠪᠢᠯᠡ᠃ ᠬᠣᠲᠠᠯᠠ᠎ᠶᠢ ᠬᠠᠭᠠᠨ ᠡᠷᠭᠦᠮᠵᠢᠯᠡᠭᠡᠳ ᠬᠣᠷᠬᠤᠨᠠᠭ᠎ᠤᠨ ᠰᠠᠭᠯᠠᠭᠠᠷ ᠮᠣᠳᠤᠨ᠎ᠤ ᠳᠤᠤᠷ᠎ᠠ ᠬᠠᠪᠢᠷᠭ᠎ᠠ ᠭᠠᠵᠠᠷ᠎ᠢ ᠬᠠᠯᠴᠠᠷᠠᠲᠠᠯ᠎ᠠ᠂ ᠡᠪᠦᠳᠦᠭ ᠭᠠᠵᠠᠷ᠎ᠢ ᠥᠯᠳᠠᠷᠠᠲᠡᠯ᠎ᠡ ᠳᠡᠪᠭᠡᠴᠡᠨ ᠪᠦᠵᠢᠭᠯᠡᠵᠦ ᠬᠣᠷᠢᠮᠯᠠᠪᠠ᠃

(0)
上一篇 2026年8月19日 上午7:53
下一篇 2026年8月19日 上午9:33

相关推荐

发表回复

登录后才能评论
返回顶部