《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ
52᠂ ᠬᠠᠮᠤᠭ ᠮᠣᠩᠭᠣᠯ᠎ᠢ ᠬᠠᠪᠤᠯ ᠬᠠᠭᠠᠨ ᠵᠠᠬᠢᠷᠴᠤ ᠪᠠᠢᠪᠠ᠃ ᠬᠠᠪᠤᠯ ᠬᠠᠭᠠᠨ ᠳᠣᠯᠤᠭᠠᠨ ᠬᠦᠪᠡᠭᠦᠨ᠎ᠢᠶᠡᠨ ᠪᠠᠢᠲᠠᠯ᠎ᠠ᠂ ᠰᠡᠩᠬᠦᠨ ᠪᠢᠯᠭᠡ᠎ᠶᠢᠨ ᠬᠦᠪᠡᠭᠦᠨ ᠠᠮᠪᠠᠭᠠᠢ᠎ᠶᠢ ᠬᠠᠮᠤᠭ ᠮᠣᠩᠭᠣᠯ᠎ᠤᠨ ᠬᠠᠭᠠᠨ ᠪᠣᠯᠭᠠᠬᠤ᠎ᠪᠠᠷ ᠵᠢᠭᠠᠵᠠᠢ᠃