《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ
76᠂ ᠨᠢᠭᠡᠨ ᠡᠳᠦᠷ ᠲᠡᠮᠦᠵᠢᠨ᠂ ᠬᠠᠰᠠᠷ᠂ ᠪᠡᠭᠲᠡᠷ᠂ ᠪᠡᠯᠭᠦᠳᠡᠢ ᠳᠥᠷᠪᠡᠭᠦᠯᠡ ᠬᠠᠮᠲᠤ ᠰᠠᠭᠤᠵᠤ᠂ ᠵᠢᠭᠠᠰᠤ ᠬᠦᠬᠢᠳᠡᠬᠦ᠎ᠳᠦ ᠨᠢᠭᠡᠨ ᠴᠠᠢᠪᠤᠷ ᠵᠢᠭᠠᠰᠤᠨ ᠬᠦᠬᠢ᠎ᠳᠦ ᠤᠷᠤᠵᠠᠢ᠃ ᠲᠡᠮᠦᠵᠢᠨ ᠬᠠᠰᠠᠷ ᠬᠣᠶᠠᠷ᠎ᠠᠴᠠ ᠪᠡᠭᠳᠡᠷ ᠪᠡᠯᠭᠦᠳᠡᠢ ᠬᠣᠶᠠᠷ ᠲᠡᠷᠡ ᠵᠢᠭᠠᠰᠤ᠎ᠶᠢ ᠪᠣᠯᠢᠶᠠᠵᠤ ᠠᠪᠤᠪᠠ᠃ ᠲᠡᠮᠦᠵᠢᠨ ᠬᠠᠰᠠᠷ ᠬᠣᠶᠠᠷ᠂ ᠭᠡᠷ᠎ᠲᠦ ᠢᠷᠡᠵᠦ ᠦᠵᠢᠨ ᠡᠬᠡ᠎ᠳᠦ ᠄ 《 ᠨᠢᠭᠡᠨ ᠴᠠᠢᠪᠤᠷ ᠵᠢᠭᠠᠰᠤᠨ ᠬᠥᠬᠢᠳᠦ ᠣᠷᠤᠭᠰᠠᠨᠢ ᠪᠡᠭᠳᠡᠷ᠂ ᠪᠡᠯᠭᠦᠳᠡᠢ ᠠᠬ᠎ᠠ ᠳᠡᠭᠦᠦ ᠬᠣᠶᠠᠭᠤᠯᠠ ᠪᠣᠯᠢᠶᠠᠵᠤ ᠠᠪᠤᠪᠠ》 ᠭᠡᠰᠡᠨ᠎ᠳᠦ᠂ ᠦᠵᠢᠨ ᠡᠬᠡ ᠄ 《 ᠲᠠ ᠨᠠᠷ ᠨᠢᠭᠡ ᠡᠴᠢᠭᠡ᠎ᠶᠢᠨ ᠬᠦᠪᠡᠭᠦᠳ ᠪᠠᠢᠳᠠᠯ᠎ᠠ ᠶᠠᠭᠤᠨ᠎ᠳᠤ ᠴᠢᠩᠬᠢᠵᠦ ᠮᠠᠷᠭᠤᠯᠳᠤᠮᠣᠢ? ᠣᠳᠣ᠌ ᠰᠡᠭᠦᠳᠡᠷ᠎ᠡᠴᠡ ᠥᠭᠡᠷ᠎ᠡ ᠨᠥᠬᠦᠷ ᠦᠭᠡᠢ᠂ ᠰᠡᠭᠦᠯ᠎ᠡᠴᠡ ᠥᠭᠡᠷ᠎ᠡ ᠲᠠᠰᠢᠭᠤᠷ ᠦᠭᠡᠢ ᠪᠠᠢᠭ᠎ᠠ᠎ᠪᠠᠨ ᠮᠡᠳᠡᠬᠦ ᠪᠢᠵᠠ᠃ ᠡᠢᠮᠦ ᠪᠣᠯ ᠪᠢᠳᠡᠨ ᠲᠠᠢᠴᠢᠭᠤᠳ ᠨᠠᠷ᠎ᠠᠴᠠ ᠶᠠᠭᠠᠬᠢᠨ ᠦᠰᠢᠶ᠎ᠡ᠎ᠪᠡᠨ ᠠᠪᠴᠤ ᠴᠢᠳᠠᠮᠣᠢ᠃ ᠤᠷᠢᠳᠤ᠎ᠶᠢᠨ ᠠᠯᠤᠨ ᠡᠬᠡ᠎ᠶᠢᠨ ᠲᠠᠪᠤᠨ ᠬᠦᠪᠡᠭᠦᠳ ᠮᠡᠲᠦ ᠶᠠᠭᠠᠬᠢᠭᠠᠳ ᠡᠪ ᠡᠶ᠎ᠡ ᠦᠭᠡᠢ ᠪᠣᠯᠪᠠ? ᠲᠠ ᠨᠠᠷ ᠪᠢᠳᠡᠬᠡᠢ ᠴᠢᠩᠬᠢ》 ᠭᠡᠪᠡ᠃