ᠮᠣᠩᠭᠣᠯ᠎ᠤᠨ ᠨᠢᠭᠤᠴᠠ ᠲᠣᠪᠴᠢᠶᠠᠨ — 88

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

88᠂ ᠲᠡᠮᠦᠵᠢᠨ ᠲᠡᠨᠳᠡ᠎ᠡᠴᠡ ᠶᠠᠪᠤᠵᠤ ᠤᠷᠢᠳᠤ᠎ᠶᠢᠨ ᠰᠢᠪᠡᠭᠡᠯᠡᠭᠰᠡᠨ ᠭᠠᠵᠠᠷ᠎ᠲᠤ ᠢᠷᠡᠭᠡᠳ ᠡᠪᠡᠰᠦᠨ᠎ᠦ ᠨᠠᠯᠠᠷᠬᠠᠢ ( ᠨᠠᠯᠠᠵᠤ ᠤᠨᠠᠭᠰᠠᠨ ᠣᠷᠤᠮ )᠎ᠪᠠᠷ ᠮᠦᠰᠬᠢᠨ ᠣᠨᠤᠨ ᠮᠦᠷᠡᠨ ᠦᠭᠡᠳᠡ ᠶᠠᠪᠤᠵᠤ ᠪᠠᠷᠠᠭᠤᠨ᠎ᠠᠴᠠ ᠤᠷᠤᠰᠬᠤ ᠬᠢᠮᠣᠷᠭ᠎ᠠ ᠭᠣᠷᠤᠬᠠᠨ᠎ᠳᠤ ᠬᠦᠷᠪᠡ᠃ ᠬᠢᠮᠣᠷᠭ᠎ᠠ ᠭᠣᠷᠤᠬᠠᠨ᠎ᠤ ᠥᠭᠡᠳᠡ ᠥᠭᠰᠦᠵᠦ ᠪᠠᠳᠠᠷᠴᠢ ᠬᠣᠰᠢᠭᠣᠨ᠎ᠤ ᠬᠤᠷᠴᠤᠬᠤᠢ ᠪᠣᠯᠳᠠᠭ ᠭᠡᠬᠦ ᠭᠠᠵᠠᠷ ᠬᠦᠷᠴᠦ ᠡᠬᠡ᠂ ᠳᠡᠭᠦᠦ ᠨᠠᠷ ᠲᠠᠢ᠎ᠪᠠᠨ ᠤᠴᠠᠷᠠᠪᠠ᠃

(0)
上一篇 2026年8月28日 上午8:29
下一篇 2026年8月28日 上午8:32

相关推荐

发表回复

登录后才能评论
返回顶部