ᠮᠣᠩᠭᠣᠯ᠎ᠤᠨ ᠨᠢᠭᠤᠴᠠ ᠲᠣᠪᠴᠢᠶᠠᠨ — 96

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

96᠂ ᠲᠡᠮᠦᠵᠢᠨ ᠨᠠᠷ ᠰᠡᠩᠭᠦᠷ ᠭᠣᠷᠤᠬᠠᠨ᠎ᠠᠴᠠ ᠨᠡᠭᠦᠵᠦ ᠭᠡᠷᠦᠯᠦᠨ ᠮᠦᠷᠡᠨ᠎ᠦ ᠡᠬᠢ ᠪᠦᠷᠬᠢ ᠡᠷᠭᠢ᠎ᠳᠦ ᠪᠠᠭᠤᠵᠤ ᠨᠤᠲᠤᠭᠯᠠᠬᠤ ᠴᠠᠭ᠎ᠲᠤ ᠴᠤᠳᠠᠨ ᠡᠬᠡ᠎ᠶᠢᠨ ᠰᠢᠳᠭᠦᠯ ( ᠡᠮᠦᠰᠭᠡᠯ) ᠭᠡᠵᠦ ᠠᠪᠴᠢᠷᠠᠭᠰᠠᠨ ᠬᠠᠷ᠎ᠠ ᠪᠣᠯᠠᠭᠠᠨ ᠳᠠᠬᠤ᠎ᠶᠢ ᠠᠪᠴᠤ ᠲᠡᠮᠦᠵᠢᠨ ᠬᠠᠰᠠᠷ ᠪᠡᠯᠭᠦᠳᠡᠢ ᠭᠤᠷᠪᠠᠭᠤᠯᠠ ᠶᠢᠰᠦᠭᠡᠢ ᠡᠴᠢᠭᠡ᠎ᠶᠢᠨ ᠬᠠᠭᠤᠴᠢᠨ ᠲᠣᠳᠤᠨᠤ ᠠᠨᠳᠠ ᠸᠠᠩ ᠬᠠᠨ ᠲᠠᠢ ᠠᠭᠤᠯᠵᠠᠬᠤ᠎ᠪᠠᠷ ᠣᠴᠢᠪᠠ᠃ ᠡᠴᠢᠭᠡ᠎ᠶᠢᠨ ᠠᠨᠳᠠ ᠪᠣᠯᠪᠠᠰᠤ ᠡᠴᠢᠭᠡ ᠮᠡᠲᠦ ᠪᠢᠯᠡ ᠭᠡᠵᠦ ᠸᠠᠩ ᠬᠠᠨ᠎ᠢ ᠲᠤᠤᠯᠠ ᠭᠣᠣᠯ᠎ᠤᠨ ᠬᠠᠷ᠎ᠠ ᠲᠥᠩ᠎ᠳᠦ ᠨᠤᠲᠤᠭᠯᠠᠨ ᠪᠠᠢᠬᠤ᠎ᠳᠤ ᠬᠦᠷᠴᠦ ᠣᠴᠢᠭᠠᠳ ᠲᠡᠮᠦᠵᠢᠨ ᠄ 《 ᠡᠴᠢᠭᠡ᠎ᠶᠢᠨ ᠬᠠᠭᠤᠴᠢᠨ ᠠᠨᠳᠠ ᠲᠠ᠂ ᠮᠢᠨᠤ ᠡᠴᠢᠭᠡ᠎ᠶᠢᠨ ᠠᠳᠠᠯᠢ ᠪᠣᠶᠤ ᠭᠡᠵᠦ ᠪᠢ ᠭᠡᠷᠭᠡᠢ ᠠᠪᠤᠭᠠᠳ ᠡᠮᠦᠰᠭᠡᠯ ( ᠪᠡᠷᠢ᠎ᠡᠴᠡ ᠬᠦᠷᠭᠡᠨ᠎ᠦ ᠡᠴᠢᠭᠡ᠎ᠳᠦ ᠪᠠᠷᠢᠬᠤ ᠪᠡᠯᠡᠭ) ᠬᠠᠷ᠎ᠠ ᠪᠣᠯᠠᠭᠠᠨ ᠳᠠᠬᠤ᠎ᠶᠢ ᠴᠢᠮᠠᠳᠣ᠌ ᠠᠪᠴᠢᠷᠠᠪᠠ》 ᠭᠡᠵᠦ ᠪᠣᠯᠭᠠᠨ ᠳᠠᠬᠤ᠎ᠪᠠᠨ ᠥᠭᠪᠡ᠃ ᠸᠠᠩ ᠬᠠᠨ ᠄ 《 ᠬᠠᠷ᠎ᠠ ᠪᠤᠯᠠᠭᠠᠨ ᠳᠠᠬᠤ᠎ᠶᠢᠨ ᠴᠢᠨᠢ ᠬᠠᠷᠢᠭᠤ᠎ᠳᠤ \ ᠬᠠᠭᠠᠴᠠᠭᠰᠠᠨ ᠤᠯᠤᠰ᠎ᠢ ᠴᠢᠨᠢ \ ᠬᠠᠮᠲᠤᠳᠬᠠᠵᠤ ᠥᠭᠭᠦᠶ᠎ᠡ᠃ \ ᠪᠤᠯᠠᠭᠠᠨ ᠳᠠᠬᠤ᠎ᠶᠢᠨ ᠴᠢᠨᠢ ᠬᠠᠷᠢᠭᠤ᠎ᠳᠤ \ ᠪᠣᠲᠠᠷᠠᠭᠰᠠᠨ ᠤᠯᠤᠰ᠎ᠢ ᠴᠢᠨᠢ \ ᠴᠤᠭᠯᠠᠭᠤᠯᠵᠤ ᠥᠭᠭᠦᠶ᠎ᠡ᠃ \ ᠪᠦᠭᠡᠷ᠎ᠡ ᠢᠨᠤ ᠪᠥᠭᠰᠡᠨ᠎ᠳᠦ ᠪᠠᠢᠭ᠋ \ ᠴᠡᠷ ᠢᠨᠤ ᠴᠡᠭᠡᠵᠢᠨ᠎ᠳᠦ ᠪᠠᠢᠭ᠋》 ᠭᠡᠪᠡ᠃

(0)
上一篇 6天前
下一篇 5天前

相关推荐

发表回复

登录后才能评论
返回顶部