《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ
98᠂ ᠭᠡᠷᠦᠯᠦᠨ ᠮᠦᠷᠡᠨᠦ ᠡᠬᠢ ᠪᠦᠷᠬᠢ ᠡᠷᠭᠢ᠎ᠳᠦ ᠨᠤᠲᠤᠭᠯᠠᠨ ᠪᠠᠢᠳᠠᠯ᠎ᠠ᠂ ᠨᠢᠭᠡᠨ ᠥᠷᠯᠦᠭᠡ ᠡᠷᠲᠡ ᠦᠷ ᠴᠠᠢᠵᠤ ᠪᠠᠢᠬᠤ᠎ᠳᠤ᠂ ᠥᠭᠡᠯᠦᠨ ᠡᠬᠡ᠎ᠶᠢᠨ ᠭᠡᠷ᠎ᠲᠦ ᠵᠠᠷᠤᠭᠳᠠᠬᠤ ᠬᠤᠸᠠᠭ᠍ᠴᠢᠨ ᠡᠮᠡᠭᠡᠨ ᠪᠣᠰᠴᠣ᠌ ᠄ 《 ᠡᠬᠡ᠂ ᠡᠬᠡ᠂ ᠥᠳᠲᠦᠷ ᠪᠣᠰ᠃ ᠭᠠᠵᠠᠷ ᠳᠡᠯᠪᠡᠷᠡᠬᠦ ᠮᠡᠲᠦ ᠴᠢᠮᠡᠭᠡ ᠭᠠᠷᠴᠤ ᠮᠣᠷᠢᠨ᠎ᠤ ᠲᠦᠪᠡᠷᠭᠡᠨ ᠰᠣᠨᠤᠰᠲᠠᠮᠣᠢ᠃ ᠠᠶᠤᠮᠰᠢᠭ᠍ᠲᠤ ᠲᠠᠢᠴᠢᠭᠤᠳ ᠢᠷᠡᠯ᠎ᠡ᠃ ᠡᠬᠡ ᠳᠠᠷᠤᠢ ᠪᠣᠰ》 ᠭᠡᠪᠡ᠃