《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ
70᠂ ᠲᠡᠷᠡ ᠬᠠᠪᠤᠷ᠂ ᠠᠮᠪᠠᠭᠠᠢ ᠬᠠᠭᠠᠨ᠎ᠤ ᠬᠠᠲᠤᠨ ᠤᠷᠪᠠᠢ ᠰᠤᠬᠠᠲᠠᠢ ᠬᠣᠶᠠᠷ᠂ ᠶᠡᠬᠡᠰᠦᠨ ᠭᠠᠵᠠᠷ᠎ᠲᠤ ( ᠡᠪᠦᠭᠡᠳ᠎ᠦᠨ ᠬᠡᠭᠦᠷ ᠣᠷᠤᠰᠢᠭᠤᠯᠬᠤ ᠭᠠᠵᠠᠷ) ᠳᠠᠢᠯᠭ᠎ᠠ᠎ᠶᠢᠨ ᠢᠳᠡᠭᠡᠨ ᠡᠷᠭᠦᠬᠦ᠎ᠳᠦ ᠦᠭᠡᠯᠦᠨ ᠦᠵᠢᠨ ᠬᠣᠵᠢᠮᠳᠠᠵᠤ ᠣᠴᠢᠭ᠍ᠰᠠᠨ ᠲᠤᠯᠠ ᠳᠠᠢᠯᠭ᠎ᠠ᠎ᠶᠢᠨ ᠢᠳᠡᠭᠡᠨ᠎ᠦ ᠬᠣᠪᠢᠶᠠᠷᠢ᠎ᠠᠴᠠ ᠬᠣᠴᠤᠷᠪᠠ᠃ ᠤᠷᠪᠠᠢ ᠰᠤᠬᠠᠲᠠᠢ ᠬᠣᠶᠠᠷ᠎ᠲᠤ ᠦᠭᠡᠯᠦᠨ ᠦᠵᠢᠨ᠄《 ᠶᠢᠰᠦᠭᠡᠢ ᠪᠠᠭᠠᠲᠤᠷ᠎ᠢ ᠦᠬᠦᠪᠡ ᠭᠡᠵᠦ᠂ ᠬᠦᠪᠡᠭᠦᠨᠢ ᠮᠢᠨᠢ ᠪᠠᠯᠴᠢᠷ ᠭᠡᠵᠦ᠂ ᠶᠡᠬᠡᠰᠦᠨ ᠳᠠᠢᠯᠭ᠎ᠠ᠎ᠶᠢᠨ ᠬᠡᠰᠢᠭᠦᠨ ᠢᠳᠡᠭᠡ ᠰᠠᠷᠬᠤᠳ᠎ᠠᠴᠠ ᠶᠠᠭᠠᠬᠢᠨ ᠬᠤᠵᠢᠮᠳᠠᠭᠤᠯᠪᠠ ᠲᠠ? ᠨᠢᠳᠦ ᠦᠵᠡᠭᠰᠡᠭᠡᠷ ᠥᠯᠥ᠍ ᠥᠭᠬᠦ᠂ ᠨᠡᠬᠦᠬᠦ᠎ᠳᠡᠭᠡᠨ ᠥᠯᠥ᠍ ᠬᠡᠯᠡᠬᠦ ᠪᠣᠯᠪᠠ ᠲᠠ》 ᠭᠡᠪᠡ᠃