《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ
94᠂ ᠤᠷᠢᠳᠤ ᠪᠦᠷᠳᠡ ᠦᠵᠢ᠎ᠨᠢ ᠶᠢᠰᠦᠨ ᠨᠠᠰᠤᠲᠠᠢ ᠪᠠᠢᠬᠤ᠎ᠳᠤ ᠲᠡᠮᠦᠵᠢᠨ ᠦᠵᠡᠵᠦ ᠢᠷᠡᠭᠰᠡᠨ᠎ᠡᠴᠡ ᠬᠣᠢᠰᠢ ᠳᠠᠬᠢᠨ ᠠᠭᠤᠯᠵᠠᠭᠠᠳᠤᠢ᠃ ᠣᠳᠣ᠌ ᠲᠡᠮᠦᠵᠢᠨ ᠪᠡᠯᠭᠦᠳᠡᠢ ᠬᠣᠶᠠᠷ᠂ ᠪᠦᠷᠳᠡ ᠦᠵᠢ᠎ᠨᠢ ᠡᠷᠢᠬᠦ᠎ᠪᠡᠷ ᠭᠡᠷᠦᠯᠦᠨ ᠮᠦᠷᠡᠨ᠎ᠢ ᠤᠷᠤᠭᠤᠳᠠᠨ ᠶᠠᠪᠤᠪᠠ᠃ ᠴᠡᠭᠴᠡᠷ ᠴᠢᠬᠤᠷᠭᠤ ᠬᠣᠶᠠᠷ᠎ᠤᠨ ᠵᠠᠪᠰᠠᠷ᠎ᠲᠤ ᠬᠣᠩᠬᠢᠷᠠᠳ᠎ᠤᠨ ᠳ᠋ᠠᠢ ᠰᠡᠴᠡᠨ ᠨᠤᠲᠤᠭᠯᠠᠵᠤ ᠪᠠᠢᠪᠠ᠃ ᠳ᠋ᠠᠢ ᠰᠡᠴᠡᠨ᠂ ᠲᠡᠮᠦᠵᠢᠨ᠎ᠢ ᠦᠵᠡᠵᠦ ᠮᠠᠰᠢ ᠶᠡᠬᠡ ᠪᠠᠶᠠᠰᠴᠤ ᠄ 《 ᠠᠬ᠎ᠠ ᠳᠡᠭᠦᠦ ᠲᠠᠢᠴᠢᠭᠤᠳ ᠨᠠᠷ ᠴᠢᠮᠠᠳᠣ᠌ ᠠᠲᠠᠭᠠᠷᠬᠠᠨ ᠬᠣᠷᠤᠰᠬᠤ᠎ᠶᠢ ᠪᠢ ᠮᠡᠳᠡᠬᠦ ᠲᠤᠯᠠ ᠴᠢᠨᠤ ᠲᠤᠬᠠᠢ ᠰᠡᠳᠬᠢᠯ ᠵᠣᠪᠠᠭᠰᠠᠭᠠᠷ ᠴᠥᠬᠦᠷᠡᠬᠦᠳᠦ ᠬᠦᠷᠦᠭᠰᠡᠨ ᠪᠢᠯᠡ᠃ ᠣᠳᠣ᠌ ᠴᠢᠮ᠎ᠠ ᠲᠠᠢ ᠠᠭᠤᠯᠵᠠᠪᠠ》 ᠭᠡᠳ ᠪᠦᠷᠳᠡ ᠦᠵᠢ᠎ᠨᠢ ᠲᠡᠮᠦᠵᠢᠨ᠎ᠳᠦ ᠥᠭᠪᠡ᠃ ᠲᠡᠮᠦᠵᠢᠨ ᠪᠦᠷᠳᠡ ᠦᠵᠢ᠎ᠨᠢ ᠠᠪᠴᠤ ᠬᠠᠮᠲᠤ ᠪᠤᠴᠠᠬᠤ᠎ᠳᠤ᠂ ᠳ᠋ᠠᠢ ᠰᠡᠴᠡᠨ ᠥᠳᠡᠵᠤ ᠶᠠᠪᠤᠭᠠᠳ ᠭᠡᠷᠦᠯᠦᠨᠦ ᠣᠷᠠᠭ ᠴᠦᠯ ᠭᠡᠬᠦ ᠭᠠᠵᠠᠷ ᠬᠦᠷᠴᠦ ᠭᠡᠷᠦᠯᠦᠨ ᠤᠷᠤᠭᠤ ᠭᠡᠳᠡᠷᠬᠦ ᠪᠣᠴᠠᠪᠠ᠃ ᠳ᠋ᠠᠢ ᠰᠡᠴᠡᠨᠦ ᠭᠡᠷᠭᠡᠢ ᠴᠤᠳᠠᠨ᠂ ᠥᠬᠢᠨ ᠪᠦᠷᠳᠡ᠎ᠶᠢ ᠥᠯᠳᠡᠵᠦ ᠬᠦᠷᠡᠯᠬᠦ ᠳᠣᠲᠤᠷ᠎ᠠ ᠰᠡᠩᠬᠦᠷ ᠭᠣᠷᠤᠬᠠᠨ᠎ᠳᠤ ᠬᠦᠷᠴᠦ ᠢᠷᠡᠪᠡ᠃