《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ
102᠂ ᠲᠡᠮᠦᠵᠢᠨ᠎ᠢ ᠨᠡᠬᠡᠵᠦ ᠪᠣᠷᠬᠠᠨ ᠬᠠᠯ᠎ᠳᠤᠨᠢ ᠭᠤᠷᠪᠠ ᠲᠣᠭᠤᠷᠢᠨ ᠨᠡᠩᠵᠢᠭᠡᠳ ᠣᠯᠤᠭᠰᠠᠨ ᠦᠭᠡᠢ᠃ ᠤᠷᠤᠭ᠍ᠰᠢ ᠬᠣᠢᠰᠢ ᠶᠠᠪᠤᠵᠤ ᠡᠷᠢᠭᠰᠡᠨ ᠴᠤ᠌ ᠤᠮᠪᠠᠬᠤ ᠰᠢᠪᠠᠷ᠂ ᠪᠢᠲᠡᠭᠦᠦ ᠣᠢ ᠲᠤᠯᠭᠠᠷᠠᠵᠤ᠂ ᠴᠠᠳᠬᠤᠯᠠᠩ ᠮᠣᠭᠠᠢ ᠰᠢᠷᠭᠤᠬᠤ ᠵᠠᠪᠰᠠᠷ ᠦᠭᠡᠢ ᠪᠡᠷᠬᠡ ᠰᠢᠭᠤᠢ ᠲᠤᠯᠠ ᠲᠡᠮᠦᠵᠢᠨ᠎ᠢ ᠮᠦᠷᠳᠡᠵᠦ ᠣᠯᠵᠤ ᠴᠢᠳᠠᠭᠰᠠᠨ ᠦᠭᠡᠢ᠃ ᠡᠨᠡᠬᠦ ᠳᠣᠪᠲᠤᠯᠤᠭᠰᠠᠨ ᠴᠡᠷᠢᠭᠦᠳ ᠪᠣᠯ ᠭᠤᠷᠪᠠᠨ ᠮᠡᠷᠭᠢᠳ ᠪᠢᠯᠡ᠃ ᠣᠳᠤᠢᠳ ᠮᠡᠷᠭᠢᠳ᠎ᠦᠨ ᠲᠣᠭᠲᠤᠭ᠎ᠠ ᠤᠸᠠᠰ ᠮᠡᠷᠭᠢᠳ᠎ᠦᠨ ᠳᠠᠢᠷ ᠤᠰᠤᠨ᠂ ᠬᠠᠭᠠᠳ ᠮᠡᠷᠭᠢᠳ᠎ᠦᠨ ᠬᠠᠭᠠᠨᠲᠠᠢ ᠲᠠᠷᠮᠠᠯᠠ ᠭᠤᠷᠪᠠᠭᠤᠯᠠ ᠨᠡᠢᠯᠡᠵᠦ ᠤᠷᠢᠳᠤ ᠴᠢᠯᠡᠲᠦᠡᠴᠡ ᠥᠭᠡᠯᠦᠨ ᠡᠬᠡ᠎ᠶᠢ ᠪᠣᠯᠢᠶᠠᠵᠤ ᠠᠪᠤᠭᠰᠠᠨ᠎ᠤ ᠦᠰᠢᠶ᠎ᠡ᠎ᠶᠢ ᠨᠡᠬᠡᠬᠦ᠎ᠪᠡᠷ ᠢᠷᠡᠪᠡ᠃ ᠲᠡᠳᠡᠭᠡᠷ ᠮᠡᠷᠭᠢᠳ ᠄ 《 ᠥᠭᠡᠯᠦᠨᠢ ᠪᠣᠯᠢᠶᠠᠭᠳᠠᠭᠰᠠᠨ ᠦᠰᠢᠶ᠎ᠡ᠎ᠶᠢ ᠠᠪᠬᠤ᠎ᠪᠠᠷ ᠢᠷᠡᠭᠡᠳ ᠡᠳᠦᠭᠡ ᠡᠮᠡᠰᠢ ᠨᠢ ᠪᠣᠯᠢᠶᠠᠵᠤ ᠠᠪᠤᠪᠠ᠃ ᠡᠪᠦᠭᠡ ᠡᠴᠢᠭᠡ᠎ᠶᠢᠨ ᠦᠰᠢᠶ᠎ᠡ᠎ᠶᠢ ᠠᠪᠤᠪᠠ ᠪᠢᠳᠡ》 ᠭᠡᠵᠦ ᠭᠡᠷ᠎ᠲᠦ᠎ᠪᠡᠨ ᠪᠣᠴᠠᠪᠠ᠃