《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ
99᠂ ᠦᠭᠡᠯᠦᠨ ᠡᠬᠡ ᠄ 《 ᠬᠦᠪᠡᠭᠦᠳᠢ ᠳᠠᠷᠤᠢ ᠰᠡᠷᠡᠭᠡᠭᠲᠦᠨ》 ᠭᠡᠳ ᠥᠪᠡᠷ᠎ᠢᠶᠡᠨ ᠳᠠᠷᠤᠢ ᠪᠣᠰᠪᠠ᠃ ᠲᠡᠮᠦᠵᠢᠨ ᠨᠠᠷ ᠳᠠᠷᠤᠢ ᠪᠣᠰᠤᠭᠠᠳ ᠮᠣᠷᠢᠳ᠎ᠢᠶᠠᠨ ᠪᠠᠷᠢᠵᠤ ᠲᠡᠮᠦᠵᠢᠨ᠂ ᠦᠭᠡᠯᠦᠨ ᠡᠬᠡ ᠬᠠᠰᠠᠷ᠂ ᠬᠠᠴᠢᠭᠤᠨ᠂ ᠲᠡᠮᠦᠬᠡ ᠦᠳᠴᠢᠬᠢᠨ᠂ ᠪᠡᠯᠬᠦᠳᠡᠢ᠂ ᠪᠣᠭᠤᠷᠴᠢ᠂ ᠵᠠᠯᠮ᠎ᠠ ᠨᠠᠷ ᠲᠤᠰᠪᠦᠷᠢ ᠨᠢᠭᠡᠨ ᠮᠣᠷᠢᠨ ᠤᠨᠤᠵᠤ᠂ ᠲᠡᠮᠦᠯᠦᠨᠢ ᠦᠭᠡᠯᠦᠨ ᠡᠬᠡ ᠡᠪᠦᠷ᠎ᠲᠦ᠎ᠪᠡᠨ ᠲᠡᠭᠦᠷᠪᠡ᠃ ᠨᠢᠭᠡᠨ ᠮᠣᠷᠢᠨ᠎ᠳᠤ ᠶᠠᠭᠤᠮ᠎ᠠ ᠠᠴᠢᠵᠤ ᠬᠥᠲᠦᠯᠪᠡ᠃ ᠪᠦᠷᠳᠡ ᠦᠵᠢᠨ᠎ᠳᠦ ᠮᠣᠷᠢ ᠲᠤᠲᠠᠪᠠ᠃