ᠮᠣᠩᠭᠣᠯ᠎ᠤᠨ ᠨᠢᠭᠤᠴᠠ ᠲᠣᠪᠴᠢᠶᠠᠨ — 92

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

92᠂ ᠲᠡᠮᠦᠵᠢᠨ ᠪᠣᠭᠤᠷᠴᠢ ᠬᠣᠶᠠᠷ ᠮᠣᠷᠢᠳ᠎ᠢᠶᠠᠨ ᠠᠪᠴᠤ ᠲᠡᠷᠡ ᠰᠦᠨᠢ ᠲᠤᠷᠰᠢ ᠶᠠᠪᠤᠭᠠᠳ ᠭᠤᠷᠪᠠᠨ ᠡᠳᠦᠷ ᠭᠤᠷᠪᠠᠨ ᠰᠦᠨᠢ ᠶᠠᠪᠤᠵᠤ ᠪᠤᠭᠤᠷᠴᠢ᠎ᠶᠢᠨ ᠭᠡᠷ᠎ᠲᠦ ᠣᠢᠷᠠᠳᠴᠤ᠂ ᠲᠡᠮᠦᠵᠢᠨ ᠄ 《 ᠴᠢ ᠦᠭᠡᠢ ᠪᠣᠯ ᠪᠢ ᠡᠨᠡ ᠮᠤᠷᠢᠳ᠎ᠢᠶᠠᠨ ᠶᠠᠭᠠᠬᠢᠨ ᠠᠪᠴᠦ ᠴᠢᠳᠠᠬᠤ ᠪᠢᠯᠡ? ᠴᠢ ᠬᠡᠳᠦ᠎ᠶᠢ ᠠᠪᠬᠤ ᠪᠣᠢ? 》 ᠭᠡᠰᠡᠨ᠎ᠳᠦ᠂ ᠪᠤᠭᠤᠷᠴᠢ ᠄ 《 ᠪᠢ ᠰᠠᠢᠨ ᠨᠥᠬᠦᠷ ᠴᠢᠮᠠᠶ᠋ᠢ ᠮᠣᠩᠭᠠᠨᠢᠵᠤ ᠶᠠᠪᠤᠮᠣᠢ ᠭᠡᠵᠦ ᠲᠤᠰᠠ ᠪᠣᠯᠤᠶ᠎ᠠ ᠭᠡᠵᠦ ᠬᠠᠨᠢᠯᠠᠵᠤ ᠶᠠᠪᠤᠭᠰᠠᠨ ᠪᠢᠯᠡ᠃ ᠪᠢ ᠣᠯᠵᠠ᠎ᠶᠢ ᠡᠷᠢᠭᠰᠡᠨ ᠪᠢᠰᠢ᠃ ᠪᠢ ᠨᠠᠬᠤ ᠪᠠᠶᠠᠨ᠎ᠤ ᠭᠠᠭᠴᠠ ᠬᠦᠪᠡᠭᠦᠨ ᠲᠤᠯᠠ ᠮᠢᠨᠤ ᠡᠴᠢᠭᠡ᠎ᠶᠢᠨ ᠵᠦᠭᠡᠭᠡᠭᠰᠡᠨ ᠬᠤᠷᠢᠶᠠᠭᠰᠠᠨ ᠬᠥᠷᠦᠩᠭᠡ ᠨᠠᠳᠠ ᠡᠯᠪᠡᠭ ᠬᠦᠷᠦᠨ᠎ᠡ》 ᠭᠡᠵᠦ ᠡᠰᠡ ᠠᠪᠤᠪᠠ᠃

(0)
上一篇 6天前
下一篇 6天前

相关推荐

发表回复

登录后才能评论
返回顶部