ᠮᠣᠩᠭᠣᠯ᠎ᠤᠨ ᠨᠢᠭᠤᠴᠠ ᠲᠣᠪᠴᠢᠶᠠᠨ — 100

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

100᠂ ᠲᠡᠮᠦᠵᠢᠨ ᠠᠬ᠎ᠠ ᠳᠡᠭᠦᠦ ᠨᠠᠷ ᠮᠤᠷᠳᠠᠵᠤ ᠦᠷ᠎ᠢᠶᠡᠷ ᠪᠤᠷᠬᠠᠨ ᠬᠠᠯᠳᠤᠨ᠎ᠤ ᠵᠦᠭ ᠶᠠᠪᠤᠪᠠ᠃ ᠬᠤᠸᠠᠭ᠍ᠴᠢᠨ ᠡᠮᠡᠭᠡᠨ᠂ ᠪᠦᠷᠳᠡ ᠦᠵᠢᠨ᠎ᠢ ᠨᠢᠭᠤᠶ᠎ᠠ ᠭᠡᠵᠦ ᠪᠦᠬᠦᠬᠡᠭ ᠲᠠᠢ ᠲᠡᠷᠭᠡᠨ᠎ᠳᠦ ᠣᠷᠤᠭᠤᠯᠵᠤ᠂ ᠪᠥᠭᠡᠷ᠎ᠡ ᠠᠯᠠᠭ ᠦᠬᠡᠷ ᠬᠥᠯᠵᠦ ᠲᠦᠩᠭᠡᠯᠢᠭ ᠭᠣᠷᠤᠬᠠᠨ ᠥᠭᠡᠳᠡ ᠬᠥᠳᠡᠯᠵᠦ ᠰᠠᠶᠢ ᠦᠷ ᠴᠠᠢᠬᠤ ᠬᠠᠷᠣᠢ ᠪᠥᠷᠦᠢ ᠪᠠᠢᠯ᠎ᠠ᠂ ᠥᠭᠡᠳᠡ᠎ᠡᠴᠡ ᠴᠡᠷᠢᠭ᠎ᠦᠨ ᠬᠥᠮᠦᠰ ᠬᠠᠲᠠᠷᠢᠨ ᠢᠷᠡᠵᠦ ᠄ 《 ᠴᠢ ᠶᠠᠭᠤᠨ᠎ᠤ ᠬᠥᠮᠥᠨ ᠪᠣᠢ?》 ᠭᠡᠵᠦ ᠠᠰᠠᠭᠤᠪᠠᠯ᠂ ᠬᠣᠸᠠᠭ᠍ᠴᠢᠨ ᠡᠮᠡᠭᠡᠨ ᠄ 《 ᠪᠢ ᠲᠡᠮᠦᠵᠢᠨ᠎ᠦ ᠬᠠᠷᠢᠶᠠᠳᠤ ᠪᠣᠢ᠃ ᠶᠡᠬᠡ ᠭᠡᠷ᠎ᠲᠦ ᠬᠣᠨᠢ ᠬᠢᠷᠭᠠᠬᠤ᠎ᠪᠠᠷ ᠢᠷᠡᠪᠡ᠃ ᠣᠳᠣ᠌ ᠭᠡᠷ᠎ᠲᠦ᠎ᠪᠡᠨ ᠬᠠᠷᠢᠬᠤ ᠭᠡᠵᠦ ᠪᠠᠢᠨ᠎ᠠ》 ᠭᠡᠪᠡ᠃ ᠲᠡᠷᠡ ᠴᠡᠷᠢᠭ᠎ᠦᠳ ᠄ 《 ᠲᠡᠮᠦᠵᠢᠨ ᠭᠡᠷ᠎ᠲᠦ ᠪᠣᠢ ᠦᠦ? ᠦᠭᠡᠢ ᠦᠦ? ᠭᠡᠷ ᠨᠢ ᠬᠠᠮᠢᠭ᠎ᠠ ᠪᠣᠢ?》 ᠭᠡᠰᠡᠨ᠎ᠳᠦ᠂ ᠬᠤᠸᠠᠭ᠍ᠴᠢᠨ ᠡᠮᠡᠭᠡᠨ ᠄ 《 ᠭᠡᠷ ᠢᠨᠤ ᠣᠢᠷ᠎ᠠ ᠪᠠᠢᠨ᠎ᠠ᠃ ᠲᠡᠮᠦᠵᠢᠨ᠎ᠦ ᠪᠣᠢ᠂ ᠦᠭᠡᠢ᠎ᠶᠢ ᠪᠢ ᠮᠡᠳᠡᠬᠦ ᠦᠭᠡᠢ᠃ ᠪᠢ ᠬᠣᠢᠲᠤ ᠭᠡᠷ᠎ᠡᠴᠡ ᠭᠠᠷᠴᠤ ᠢᠷᠡᠪᠡ》 ᠭᠡᠪᠡ᠃

(0)
上一篇 5天前
下一篇 4天前

相关推荐

发表回复

登录后才能评论
返回顶部