《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ
85᠂ ᠰᠤᠷᠬᠠᠨ ᠰᠢᠷ᠎ᠠ᠎ᠶᠢᠨ ᠭᠡᠷ᠎ᠦᠨ ᠲᠡᠮᠳᠡᠭ ᠢᠨᠤ ᠰᠦᠨᠢ ᠲᠤᠷᠰᠢ ᠦᠷ ᠴᠠᠢᠲᠠᠯ᠎ᠠ ᠰᠦᠨᠢ ᠰᠠᠮᠤᠷᠴᠤ ᠡᠰᠦᠭ ( ᠴᠡᠭᠡ᠂ ᠪᠠᠰᠠ ᠠᠢᠷᠠᠭᠢ ᠬᠡᠯᠡᠨ᠎ᠡ ) ᠢᠶᠡᠨ ᠪᠦᠯᠢᠳᠡᠭ᠃ ᠲᠡᠷᠡ ᠲᠡᠮᠳᠡᠭ᠎ᠢ ᠪᠠᠷᠢᠮᠲᠠᠯᠠᠵᠤ ᠪᠦᠯᠢᠭᠦᠷ᠎ᠦᠨ ᠴᠢᠮᠡᠭᠡ᠎ᠶᠢ ᠴᠢᠭᠢᠭᠯᠡᠵᠦ ᠣᠴᠢᠪᠠᠯ ᠰᠤᠷᠬᠠᠨ ᠰᠢᠷ᠎ᠠ ᠄ 《 ᠴᠢᠮᠠᠶ᠋ᠢ ᠡᠬᠡ ᠪᠠ ᠳᠡᠭᠦᠦ ᠨᠠᠷ᠎ᠤᠨ ᠵᠦᠭ ᠶᠠᠪᠤ ᠭᠡᠵᠦ ᠬᠡᠯᠡᠭᠰᠡᠨ ᠪᠢᠰᠢᠦ ᠦᠦ ᠪᠢ᠂ ᠴᠢ ᠶᠠᠭᠤᠨ᠎ᠳᠤ ᠢᠷᠡᠪᠡ 》 ᠭᠡᠪᠡ᠃ ᠲᠡᠭᠦᠨ᠎ᠦ ᠬᠦᠪᠡᠭᠦᠨ ᠴᠢᠮᠪᠠᠢ ᠴᠢᠯᠠᠭᠤᠨ ᠬᠣᠶᠠᠷ ᠄ 《 ᠪᠣᠯᠵᠤᠮᠤᠷ ᠰᠢᠪᠠᠭᠤᠨ ᠬᠠᠷᠴᠠᠭᠠᠢ᠎ᠠᠴᠠ ᠳᠤᠲᠠᠭᠠᠵᠤ ᠪᠣᠲᠠ᠎ᠶᠢᠨ ᠢᠷᠤᠭᠠᠷ᠎ᠲᠤ ᠬᠤᠷᠭᠤᠲᠠᠪᠠᠯ ᠪᠣᠲᠠ ᠲᠡᠭᠦᠨ᠎ᠢ ᠬᠠᠮᠠᠭᠠᠯᠠᠵᠤ ᠠᠪᠤᠷᠠᠳᠠᠭ᠃ ᠣᠳᠣ᠌ ᠪᠢᠳᠡᠨ᠎ᠳᠦ ᠬᠥᠮᠥᠨ ᠬᠤᠷᠭᠤᠲᠠᠵᠤ ᠢᠷᠡᠬᠦ᠎ᠳᠦ ᠴᠢᠩᠬᠢᠵᠤ ᠬᠡᠯᠡᠭᠡᠳ ᠶᠠᠭᠠᠬᠢᠬᠤ ᠪᠣᠢ 》 ᠭᠡᠳ ᠡᠴᠢᠭᠡ᠎ᠪᠡᠨ ᠪᠤᠷᠤᠭᠤᠰᠢᠶᠠᠵᠤ᠂ ᠳᠦᠩᠭᠡ᠎ᠶᠢ ᠡᠪᠳᠡᠵᠤ ᠭᠠᠯᠳᠤ ᠲᠦᠯᠡᠭᠡᠳ ᠲᠡᠮᠦᠵᠢᠨ᠎ᠢ ᠬᠣᠢᠲᠤ ᠤᠩᠭᠠᠰᠤ᠎ᠲᠤ ᠬᠠᠷ᠎ᠠ ( ᠮᠣᠬᠤᠯᠠᠭ ) ᠲᠡᠷᠭᠡᠨ᠎ᠳᠦ ᠨᠢᠭᠤᠵᠤ᠂ 《 ᠠᠮᠢᠲᠠᠨ ᠬᠥᠮᠥᠨ᠎ᠳᠦ ᠪᠦᠦ ᠬᠡᠯᠡ 》 ᠭᠡᠵᠦ ᠬᠠᠳᠠᠭᠠᠨ ᠨᠡᠷ᠎ᠡ ᠲᠠᠢ ᠦᠬᠢᠨ ᠳᠡᠭᠦᠦ᠎ᠪᠡᠷ ᠠᠰᠠᠷᠠᠭᠤᠯᠪᠠ᠃