ᠮᠣᠩᠭᠣᠯ᠎ᠤᠨ ᠨᠢᠭᠤᠴᠠ ᠲᠣᠪᠴᠢᠶᠠᠨ — 93

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

93᠂ ᠬᠣᠶᠠᠭᠤᠯᠠ ᠨᠠᠬᠤ ᠪᠠᠶᠠᠨ᠎ᠤ ᠭᠡᠷ᠎ᠲᠦ ᠬᠦᠷᠪᠡᠯ᠂ ᠬᠦᠪᠡᠭᠦᠨ᠎ᠢᠶᠡᠨ ᠠᠯᠳᠠᠪᠠ ᠭᠡᠳ ᠨᠢᠰᠤ ᠨᠢᠯᠪᠣᠰᠤ ᠪᠣᠯᠵᠤ ᠪᠠᠢᠭ᠍ᠰᠠᠨ ᠨᠠᠬᠤ ᠪᠠᠶᠠᠨ᠂ ᠬᠦᠪᠡᠭᠦᠨ᠎ᠢᠶᠡᠨ ᠢᠷᠡᠭᠰᠡᠨ᠎ᠢ ᠦᠵᠡᠭᠡᠳ ᠨᠢᠭᠡ ᠤᠬᠢᠯᠠᠵᠤ᠂ ᠨᠢᠭᠡ ᠵᠠᠩᠨᠠᠵᠤ ᠄ 《 ᠬᠦᠪᠡᠭᠦᠨ ᠮᠢᠨᠢ ᠶᠠᠭᠤ ᠪᠣᠯᠤᠭᠰᠠᠨ᠎ᠢᠶᠠᠨ ᠬᠡᠯᠡ》 ᠭᠡᠰᠡᠨ᠎ᠳᠦ᠂ ᠪᠣᠭᠤᠷᠴᠢ ᠄ 《 ᠡᠨᠡ ᠰᠠᠢᠨ ᠨᠥᠬᠦᠷ ᠮᠣᠩᠭᠠᠨᠢᠵᠤ ᠶᠠᠪᠤᠬᠤ᠎ᠶᠢ ᠦᠵᠡᠭᠡᠳ ᠬᠠᠮᠲᠤ ᠶᠠᠪᠤᠭᠰᠠᠨ ᠪᠢᠯᠡ᠃ ᠣᠳᠣ᠌ ᠢᠷᠡᠪᠡ》 ᠭᠡᠳ ᠮᠣᠷᠳᠠᠵᠤ ᠬᠡᠭᠡᠷ᠎ᠡ ᠪᠣᠭᠤᠵᠤ ᠲᠠᠯᠪᠢᠭ᠍ᠰᠠᠨ ᠨᠠᠮᠪᠤᠬ᠎ᠠ ᠰᠠᠭᠤᠯᠠᠭ᠎ᠠ᠎ᠪᠠᠨ ᠠᠪᠴᠤ ᠢᠷᠡᠪᠡ᠃ ᠲᠡᠮᠦᠵᠢᠨ᠎ᠳᠦ ᠲᠡᠳᠡ ᠲᠡᠯᠡᠭᠡ ᠬᠤᠷᠠᠭ᠎ᠠ ᠠᠯᠠᠵᠤ ᠬᠦᠨᠡᠰᠦ ᠪᠡᠯᠡᠳᠬᠡᠭᠡᠳ ᠪᠠᠰᠠ ᠭᠠᠨᠵᠤᠭ᠎ᠠ᠎ᠶᠢᠨ ᠲᠣᠯᠤᠮ ᠥᠭᠪᠡ᠃ ᠨᠠᠬᠤ ᠪᠠᠶᠠᠨ ᠄ 《 ᠬᠣᠶᠠᠷ ᠵᠠᠯᠠᠭᠤᠰ ᠡᠭᠦᠨ᠎ᠡᠴᠡ ᠬᠣᠢᠰᠢ ᠰᠠᠢᠬᠠᠨ ᠨᠥᠬᠦᠷᠯᠡ᠂ ᠪᠡᠶ᠎ᠡ ᠪᠡᠶ᠎ᠡ᠎ᠪᠡᠨ ᠪᠢᠳᠡᠬᠡᠢ ᠣᠷᠬᠢ》 ᠭᠡᠪᠡ᠃ ᠲᠡᠨᠳᠡᠴᠡ ᠲᠡᠮᠦᠵᠢᠨ ᠮᠣᠷᠳᠠᠵᠤ ᠭᠤᠷᠪᠠᠨ ᠡᠳᠦᠷ ᠭᠤᠷᠪᠠᠨ ᠰᠦᠨᠢ ᠶᠠᠪᠤᠭᠠᠳ ᠰᠡᠩᠬᠦᠷ ᠭᠣᠷᠤᠬᠠᠨ᠎ᠳᠤ ᠭᠡᠷ᠎ᠲᠦ᠎ᠪᠡᠨ ᠬᠦᠷᠪᠡ᠃ ᠲᠡᠮᠦᠵᠢᠨ᠎ᠢ ᠢᠷᠡᠬᠦ᠎ᠳᠦ ᠦᠭᠡᠯᠦᠨ ᠡᠬᠡ᠂ ᠬᠠᠰᠠᠷ ᠬᠢᠭᠡᠳ ᠳᠡᠭᠦᠦ ᠨᠠᠷ᠎ᠤᠨ ᠵᠣᠪᠠᠨᠢᠯ ᠲᠠᠢᠯᠤᠭᠳᠠᠵᠤ ᠰᠡᠳᠬᠢᠯ ᠪᠠᠶᠠᠰᠪᠠ᠃

(0)
上一篇 6天前
下一篇 6天前

相关推荐

发表回复

登录后才能评论
返回顶部