《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ
58᠂ ᠬᠣᠲᠠᠯᠠ᠂ ᠬᠠᠭᠠᠨ ᠪᠣᠯᠤᠭᠠᠳ ᠬᠠᠳᠠᠭᠠᠨ ᠲᠠᠢᠵᠢ ᠲᠠᠢ ᠬᠣᠶᠠᠭᠤᠯᠠ ᠲᠠᠲ᠋ᠠᠷ ᠢᠷᠭᠡᠨ᠎ᠡᠴᠡ ᠦᠰᠢᠶ᠎ᠡ ᠠᠪᠬᠤ᠎ᠪᠠᠷ ᠮᠣᠷᠳᠠᠪᠠ᠃ ᠲᠠᠲ᠋ᠠᠷ᠎ᠤᠨ ᠬᠣᠲᠤᠨ ᠪᠠᠷᠠᠭ᠂ ᠵᠠᠯᠢ ᠪᠣᠬ᠎ᠠ ᠬᠣᠶᠠᠷ ᠲᠠᠢ ᠠᠷᠪᠠᠨ ᠭᠤᠷᠪᠠᠨ ᠤᠳᠠᠭ᠎ᠠ ᠪᠠᠢᠯᠳᠣᠪᠠᠴᠤ᠂ ᠠᠯᠪᠠᠭᠠᠢ ᠬᠠᠭᠠᠨ᠎ᠤ ᠦᠰᠢᠶ᠎ᠡ᠎ᠶᠢ ᠰᠠᠢᠲᠤᠷ ᠠᠪᠴᠤ ᠡᠰᠡ ᠴᠢᠳᠠᠪᠠ᠃