《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ
60᠂ ᠶᠢᠰᠦᠭᠡᠢ ᠪᠠᠭᠠᠳᠤᠷ᠎ᠤᠨ ᠦᠭᠡᠯᠦᠨ ᠦᠵᠢᠨ᠎ᠡᠴᠡ ᠲᠡᠮᠦᠵᠢᠨ᠂ ᠬᠠᠰᠠᠷ᠂ ᠬᠠᠴᠢᠭᠤᠨ᠂ ᠲᠡᠮᠦᠬᠡ ᠳᠦᠷᠪᠡᠨ ᠬᠥᠪᠡᠭᠦᠨ ᠲᠥᠷᠦᠪᠡ᠃ ᠪᠠᠰᠠ ᠲᠡᠮᠦᠯᠦᠨ ᠨᠡᠷ᠎ᠡ ᠲᠠᠢ ᠨᠢᠭᠡᠨ ᠥᠬᠢᠨ ᠲᠥᠷᠦᠪᠡ᠃ [ ᠶᠢᠰᠦᠭᠡᠢ ᠪᠠᠭᠠᠳᠤᠷ᠎ᠤᠨ ᠨᠥᠭᠦᠭᠡ ᠭᠡᠷᠭᠡᠢ ᠰᠤᠴᠢᠭᠡᠯ ᠡᠬᠡ᠎ᠡᠴᠡ ᠪᠡᠭᠳᠡᠷ᠂ ᠪᠡᠯᠭᠦᠳᠡᠢ ᠬᠣᠶᠠᠷ ᠬᠦᠪᠡᠭᠦᠨ ᠲᠥᠷᠦᠪᠡ᠃] ᠲᠡᠮᠦᠵᠢᠨ᠎ᠢ ᠶᠢᠰᠦᠨ ᠨᠠᠰᠤᠲᠠᠢ ᠪᠠᠢᠬᠤ᠎ᠳᠤ ᠵᠦᠴᠢ ᠬᠠᠰᠠᠷ ᠳᠣᠯᠤᠭᠠᠨ ᠨᠠᠰᠤᠲᠠᠢ᠂ ᠬᠠᠴᠢᠭᠤᠨ ᠠᠯᠴᠢ ᠲᠠᠪᠤᠨ ᠨᠠᠰᠤᠲᠠᠢ᠂ ᠳᠡᠮᠦᠬᠡ ᠤᠳᠴᠢᠬᠢᠨ ( ᠭᠠᠯ᠎ᠤᠨ ᠬᠠᠨ ᠭᠣᠯᠤᠮᠲᠠ᠎ᠶᠢᠨ ᠡᠵᠡᠨ ᠬᠡᠮᠡᠭᠰᠡᠨ ᠦᠭᠡ ᠪᠣᠯᠤᠨ᠎ᠠ) ᠭᠤᠷᠪᠠᠨ ᠨᠠᠰᠤᠲᠠᠢ᠂ ᠲᠡᠮᠦᠯᠦᠨ ᠥᠯᠦᠭᠡᠢ ᠲᠠᠢ ᠪᠠᠢᠵᠠᠢ᠃