ᠮᠣᠩᠭᠣᠯ᠎ᠤᠨ ᠨᠢᠭᠤᠴᠠ ᠲᠣᠪᠴᠢᠶᠠᠨ — 84

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

84᠂ ᠲᠡᠳᠡᠨ᠎ᠢ ᠲᠠᠷᠬᠠᠮᠠᠭᠴᠠ ᠲᠡᠮᠦᠵᠢᠨ ᠳᠤᠲᠤᠷ᠎ᠠ᠎ᠪᠠᠨ ᠪᠤᠳᠤᠭᠰᠠᠨ ᠨᠢ ᠄ 《 ᠰᠠᠶᠢ᠎ᠶᠢᠨ ᠬᠡᠳᠦᠨ ᠡᠳᠦᠷ ᠠᠢᠯ ᠬᠡᠰᠦᠵᠦ ᠬᠣᠨᠤᠬᠤ᠎ᠳᠤ ᠰᠤᠷᠬᠠᠨ ᠰᠢᠷ᠎ᠠ᠎ᠶᠢᠨ ᠭᠡᠷ᠎ᠲᠦ ᠬᠣᠨᠤᠪᠠᠯ ᠲᠡᠭᠦᠨ᠎ᠦ ᠬᠦᠪᠡᠭᠦᠨ ᠴᠢᠮᠪᠠᠢ ᠴᠢᠯᠠᠭᠤᠨ ᠬᠣᠶᠠᠷ ᠨᠠᠮᠠᠶ᠋ᠢ ᠦᠷᠦᠪᠳᠦᠨ ᠬᠠᠢᠷᠠᠯᠠᠵᠤ ᠰᠦᠨᠢ ᠭᠢᠨᠵᠢ ᠳᠥᠩᠭᠡ᠎ᠶᠢ ᠮᠢᠨᠢ ᠰᠤᠯᠠᠯᠠᠵᠤ ᠤᠨᠲᠠᠭᠤᠯᠳᠠᠭ᠃ ᠣᠳᠣ᠌ ᠪᠠᠰᠠ ᠰᠤᠷᠬᠠᠨ ᠰᠢᠷ᠎ᠠ ᠨᠠᠮᠠᠶ᠋ᠢ ᠦᠵᠡᠭᠡᠳ ᠵᠢᠭᠠᠵᠤ ᠥᠭᠭᠦᠭᠰᠡᠨ ᠦᠭᠡᠢ ᠥᠩᠭᠡᠷᠡᠪᠡ᠃ ᠲᠡᠳᠡ ᠨᠠᠮᠠᠶ᠋ᠢ ᠠᠪᠤᠷᠠᠬᠤ ᠪᠢᠵᠠ 》 ᠭᠡᠵᠦ ᠰᠤᠷᠬᠠᠨ ᠰᠢᠷ᠎ᠠ᠎ᠶᠢᠨ ᠭᠡᠷ᠎ᠢ ᠴᠢᠭᠯᠡᠨ ᠣᠨᠤᠨ ᠮᠦᠷᠡᠨ ᠤᠷᠤᠭᠤ ᠶᠠᠪᠤᠪᠠ᠃

(0)
上一篇 2026年8月27日 下午4:48
下一篇 2026年8月27日 下午4:53

相关推荐

发表回复

登录后才能评论
返回顶部