《 ᠮᠣᠩᠭᠣᠯᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰᠦᠨ ᠢᠳᠡᠷ ᠨᠠᠰᠤ
83᠂ ᠲᠠᠢᠴᠢᠭᠤᠳ ᠨᠠᠷ ᠡᠷᠢᠵᠦ ᠣᠯᠤᠭᠰᠠᠨ ᠦᠭᠡᠢ ᠲᠤᠯᠠ ᠲᠠᠬᠢᠨ ᠶᠠᠭᠠᠬᠢᠨ ᠡᠷᠢᠬᠦᠶᠢ ᠵᠦᠪᠯᠡᠯᠳᠦᠬᠦᠳᠦ ᠰᠤᠷᠬᠠᠨ ᠰᠢᠷ᠎ᠠ ᠄ 《 ᠲᠠᠢᠴᠢᠭᠤᠳ ᠬᠦᠪᠡᠭᠦᠳ ᠪᠢᠳᠡ᠂ ᠭᠡᠭᠡᠨ ᠴᠠᠭᠠᠨ ᠡᠳᠦᠷ ᠪᠦᠬᠦᠯᠢ ᠬᠥᠮᠥᠨᠢ ᠠᠯᠳᠠᠭᠠᠳ ᠡᠳᠦᠭᠡ ᠬᠠᠷᠠᠩᠭᠤᠢ ᠰᠦᠨᠢ ᠬᠡᠷᠬᠢᠨ ᠣᠯᠬᠤ ᠪᠢᠯᠡ ? ᠬᠥᠮᠥᠨ ᠪᠦᠷᠢ ᠶᠠᠪᠤᠭᠰᠠᠨ ᠮᠥᠷᠢᠶᠡᠷᠢᠶᠡᠨ ᠲᠠᠬᠢᠨ ᠨᠢᠭᠡᠨ ᠤᠳᠠᠭ᠎ᠠ ᠡᠷᠢᠵᠤ ᠲᠠᠷᠬᠠᠭᠠᠳ ᠮᠠᠷᠭᠠᠰᠢ ᠴᠤᠭᠯᠠᠵᠤ ᠡᠷᠢᠶ᠎ᠡ᠃ ᠲᠡᠷᠡ ᠳᠦᠩᠭᠡ ᠲᠠᠢ ᠬᠥᠮᠥᠨ ᠬᠠᠮᠢᠭ᠎ᠠ ᠬᠤᠯᠠᠳᠬᠤ ᠪᠣᠢ ? 》 ᠬᠡᠮᠡᠪᠡᠯ᠂ ᠪᠥᠭᠦᠳᠡᠭᠡᠷ ᠄ 《 ᠵᠠ 》 ᠭᠡᠵᠦ ᠪᠣᠴᠠᠵᠤ ᠡᠷᠢᠪᠡ᠃ ᠰᠤᠷᠬᠠᠨ ᠰᠢᠷ᠎ᠠ ᠪᠠᠰᠠ ᠲᠡᠮᠦᠵᠢᠨᠳᠦ ᠢᠷᠡᠭᠡᠳ ᠄ 《 ᠡᠳᠦᠭᠡ ᠨᠢᠭᠡᠨ ᠤᠳᠠᠭ᠎ᠠ ᠡᠷᠢᠵᠦ ᠲᠠᠷᠬᠠᠭᠠᠳ᠂ ᠮᠠᠷᠭᠠᠰᠢ ᠡᠷᠢᠬᠦᠪᠡᠷ ᠪᠣᠯᠪᠠ᠃ ᠪᠢᠳᠡᠨᠢ ᠲᠠᠷᠬᠠᠮᠠᠭᠴᠠ ᠡᠬᠡ ᠪᠠ ᠳᠡᠭᠦᠦ ᠨᠠᠷᠤᠨ ᠵᠦᠭ ᠶᠠᠪᠤ᠃ ᠬᠡᠷᠪᠡ ᠬᠥᠮᠥᠨ ᠲᠤᠬᠢᠶᠠᠯᠳᠤᠪᠠᠰᠤ ᠨᠠᠮᠠᠶ᠋ᠢ ᠦᠵᠡᠪᠡ ᠭᠡᠵᠦ ᠪᠦᠦ ᠬᠡᠯᠡ 》 ᠭᠡᠳ ᠶᠠᠪᠤᠪᠠ᠃