ᠮᠣᠩᠭᠣᠯ᠎ᠤᠨ ᠨᠢᠭᠤᠴᠠ ᠲᠣᠪᠴᠢᠶᠠᠨ — 24

《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ


24᠂ ᠪᠣᠳᠠᠨᠴᠠᠷ᠂ ᠤᠷᠤᠭ᠎ᠲᠤ ᠲᠣᠭᠠᠯᠠᠭᠳᠠᠬᠤ ᠦᠭᠡᠢ ᠪᠠᠢᠭᠠᠳ ᠡᠨᠳᠡ ᠶᠠᠭᠤ ᠬᠢᠵᠤ ᠰᠠᠭᠤᠬᠤ ᠪᠣᠢ? ᠭᠡᠳ ᠭᠤᠤᠯ ᠲᠠᠭᠠᠷᠢᠲᠤ᠂ ᠭᠣᠳᠤᠯᠢ ᠰᠡᠭᠦᠯᠲᠦ ᠤᠷᠤᠭ ᠰᠢᠩᠬᠤᠯᠠ ᠮᠣᠷᠢ᠎ᠪᠠᠨ ᠤᠨᠤᠵᠤ ᠦᠬᠦᠪᠡᠰᠦ ᠦᠬᠦᠶ᠎ᠡ᠂ ᠠᠮᠢᠳᠤᠷᠠᠪᠠᠰᠤ ᠠᠮᠢᠳᠤᠷᠠᠶ᠎ᠠ ᠭᠡᠵᠦ ᠣᠨᠤᠨ ᠮᠦᠷᠡᠨ ᠤᠷᠤᠭᠤ ᠶᠠᠪᠤᠪᠠ᠃ ᠲᠡᠨᠳᠡ ᠪᠡᠯᠵᠢ᠎ᠶᠢᠨ ᠠᠷᠠᠯ ᠭᠡᠬᠦ ᠭᠠᠵᠠᠷ ᠬᠦᠷᠴᠦ ᠡᠪᠡᠰᠦᠨ ᠡᠮᠪᠦᠯᠡ ᠭᠡᠷ ( ᠣᠪᠤᠬᠠᠢ) ᠪᠠᠷᠢᠵᠤ ᠰᠠᠭᠤᠪᠠ᠃

(0)

相关推荐

发表回复

登录后才能评论
返回顶部