ᠮᠣᠩᠭᠣᠯ᠎ᠤᠨ ᠨᠢᠭᠤᠴᠠ ᠲᠣᠪᠴᠢᠶᠠᠨ — 103

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

103᠂ ᠲᠡᠮᠦᠵᠢᠨ ᠄ 《 ᠲᠡᠷᠡ ᠭᠤᠷᠪᠠᠨ ᠮᠡᠷᠭᠢᠳ ᠭᠡᠷ᠎ᠲᠦ᠎ᠪᠡᠨ ᠬᠠᠷᠢᠬᠤ ᠨᠢ ᠦᠦ? ᠠᠭᠤᠯᠠᠨ᠎ᠳᠤ ᠪᠦᠭᠭᠦᠬᠦ ᠨᠢ ᠦᠦ? ᠭᠤᠷᠪᠠᠨ ᠬᠣᠨᠤᠭ ᠶᠠᠪᠤᠭᠠᠳ ᠮᠡᠳᠡᠵᠦ ᠢᠷ᠎ᠡ》 ᠭᠡᠳ ᠪᠡᠯᠭᠦᠳᠡᠢ ᠪᠣᠭᠤᠷᠴᠤ ᠵᠠᠯᠮ᠎ᠠ ᠭᠤᠷᠪᠠᠨ᠎ᠢ ᠶᠠᠪᠤᠭᠤᠯᠪᠠ᠃ ᠲᠡᠮᠦᠵᠢᠨ ᠦᠪᠡᠷ᠎ᠢᠶᠡᠨ ᠪᠣᠷᠬᠠᠨ ᠬᠠᠯᠳᠤᠨ ᠳᠡᠭᠡᠷ᠎ᠡ᠎ᠡᠴᠡ ᠪᠠᠭᠤᠵᠤ ᠡᠪᠴᠢᠭᠦᠦ᠎ᠪᠡᠨ ᠳᠠᠷᠤᠵᠤ ᠵᠠᠯᠪᠠᠷᠢᠨ ᠄ 《 ᠰᠣᠯᠣᠩᠭ᠎ᠠ ᠮᠡᠲᠦ ᠰᠣᠨᠤᠰᠬᠤ \ ᠰᠣᠷᠭᠤᠭ ᠬᠤᠸᠠᠭ᠍ᠴᠢᠨ᠎ᠤ \ ᠰᠣᠨᠤᠷ᠎ᠤᠨ ᠬᠦᠴᠦ᠎ᠪᠡᠷ \ ᠦᠶᠡᠩ ᠮᠡᠲᠦ ᠦᠵᠡᠬᠦ \ ᠦᠨᠡᠨᠴᠢ ᠬᠤᠸᠠᠭ᠍ᠴᠢᠨ᠎ᠤ \ ᠦᠵᠡᠭᠰᠡᠨ᠎ᠦ ᠠᠴᠢ᠎ᠪᠠᠷ \ ᠪᠦᠲᠦᠨ ᠪᠡᠶ᠎ᠡ᠎ᠪᠡᠨ \ ᠪᠦᠭᠬᠦᠨ ᠨᠢᠭᠤᠭᠳᠠᠵᠤ \ ᠪᠦᠳᠡᠬᠢ ᠵᠠᠮ᠎ᠢ \ ᠮᠦᠷᠳᠡᠨ ᠳᠠᠭᠠᠵᠤ \ ᠪᠣᠭᠣ᠌᠎ᠶᠢᠨ ᠮᠦᠷ᠎ᠢ \ ᠮᠦᠰᠬᠢᠨ ᠬᠦᠭᠡᠭᠡᠵᠦ \ ᠪᠤᠷᠭᠠᠰᠤᠨ ᠭᠡᠷ᠎ᠲᠦ \ ᠪᠤᠷᠤᠭᠤᠯᠠᠨ ᠨᠢᠭᠤᠭᠳᠠᠵᠤ \ ᠪᠣᠷᠬᠠᠨ ᠬᠠᠯᠳᠤᠨ᠎ᠳᠤ \ ᠠᠮᠢ ᠬᠤᠷᠭᠤᠲᠠᠪᠠ᠃ \ ᠬᠠᠷᠢ᠎ᠶᠢᠨ ᠳᠠᠢᠰᠤᠨ \ ᠬᠠᠯᠳᠠᠨ ᠲᠣᠪᠲᠤᠯᠠᠬᠤ᠎ᠳᠤ \ ᠬᠠᠷᠴᠠᠭ᠎ᠠ᠎ᠠᠴᠠ ᠳᠤᠲᠠᠭᠠᠭᠰᠠᠨ \ ᠪᠣᠯᠵᠤᠮᠤᠷ ᠮᠡᠲᠦ \ ᠬᠠᠨᠳᠠᠭᠠᠢ ᠪᠤᠭᠤ᠎ᠶᠢᠨ \ ᠮᠦᠷ᠎ᠢ ᠳᠠᠭᠠᠵᠤ \ ᠬᠠᠳᠠ ᠬᠠᠪᠴᠢᠯ᠎ᠤᠨ \ ᠰᠦᠪᠡ᠎ᠶᠢ ᠡᠷᠢᠵᠦ \ ᠬᠠᠯᠳᠤᠨ ᠠᠭᠤᠯᠠᠨ᠎ᠳᠤ \ ᠳᠤᠲᠠᠭᠠᠵᠤ ᠢᠷᠡᠭᠡᠳ \ ᠬᠠᠯᠢᠰᠤ ᠬᠣᠯᠲᠣᠰᠤ᠎ᠪᠠᠷ \ ᠭᠡᠷ ᠪᠠᠷᠢᠵᠤ \ ᠬᠠᠯᠠᠭᠤᠨ ᠠᠮᠢ᠎ᠪᠠᠨ \ ᠬᠠᠮᠠᠭᠠᠯᠠᠪᠠ ᠪᠢ᠃ \ ᠪᠦᠭᠯᠡᠭᠦᠦ ᠣᠢ᠎ᠳᠤ \ ᠪᠣᠷᠬᠠᠨ ᠠᠭᠤᠯᠠ \ ᠪᠦᠭᠡᠰᠦᠨ ᠴᠢᠨᠡᠭᠡ ᠠᠮᠢ᠎ᠶᠢ ᠮᠢᠨᠢ \ ᠪᠦᠭᠡᠴᠡᠢᠯᠡᠨ ᠠᠪᠤᠷᠠᠵᠤ \ ᠪᠦᠭᠡᠷ᠎ᠡ᠎ᠶᠢᠨ ᠴᠢᠨᠡᠭᠡ ᠪᠡᠶ᠎ᠡ᠎ᠶᠢ ᠮᠢᠨᠢ \ ᠪᠦᠳᠦᠨ ᠮᠡᠨᠳᠦ ᠦᠯᠡᠳᠡᠭᠡᠪᠡ᠃ \ ᠥᠰᠢᠶᠡᠲᠦ ᠳᠠᠢᠰᠤᠨ᠎ᠠᠴᠠ \ ᠥᠷᠦᠰᠢᠶᠡᠨ ᠠᠪᠤᠷᠠᠵᠤ \ ᠥᠨᠦᠴᠢᠨ ᠪᠢᠳᠡᠨ᠎ᠦ \ ᠥᠮᠦᠭ ᠪᠣᠯᠤᠭᠰᠠᠨ \ ᠥᠨᠳᠦᠷ ᠳᠡᠭᠡᠳᠦ \ ᠪᠣᠷᠬᠠᠨ ᠬᠠᠯᠳᠤᠨ ᠴᠢᠮᠠᠶ᠋ᠢ \ ᠥᠷᠯᠦᠭᠡ ᠪᠦᠷᠢ \ ᠮᠢᠯᠢᠶᠠᠵᠤ ᠪᠠᠢᠶ᠎ᠠ!\ ᠡᠳᠦᠷ ᠪᠦᠷᠢ \ ᠳᠠᠬᠢᠵᠤ ᠪᠠᠢᠶ᠎ᠠ!\ ᠦᠷ᠎ᠡ᠎ᠶᠢᠨ ᠦᠷ᠎ᠡ᠎ᠳᠦ \ ᠡᠭᠦᠷᠢᠳᠡ ᠳᠠᠬᠢᠵᠤ \ ᠦᠶ᠎ᠡ ᠳᠣᠲᠤᠮ \ ᠥᠷᠭᠦᠯᠵᠢ ᠰᠢᠳᠦᠶ᠎ᠡ! 》 ᠭᠡᠵᠦ ᠪᠦᠰᠡ᠎ᠪᠡᠨ ᠬᠦᠵᠦᠭᠦᠨ᠎ᠳᠦ᠎ᠪᠡᠨ ᠡᠭᠡᠯᠳᠦᠷᠴᠦ᠂ ᠮᠠᠯᠠᠭᠠᠢ᠎ᠪᠠᠨ ᠭᠠᠷ᠎ᠲᠤ᠎ᠪᠠᠨ ᠰᠡᠭᠡᠯᠲᠦᠷᠬᠡᠯᠡᠵᠤ᠂ ᠭᠠᠷ᠎ᠢᠶᠠᠷ ᠡᠪᠴᠢᠭᠦᠦ᠎ᠪᠡᠨ ᠳᠠᠷᠤᠵᠤ ᠨᠠᠷᠠᠨ ᠦᠭᠡᠳᠡ ᠬᠠᠨᠳᠤᠵᠤ ᠪᠣᠷᠬᠠᠨ ᠬᠠᠯᠳᠤᠨ᠎ᠳᠤ ᠶᠢᠰᠦᠨᠲᠡ ᠰᠦᠭᠦᠳᠴᠦ ᠦᠴᠢᠯ᠎ᠢ ᠦᠴᠢᠨ᠂ ᠰᠠᠴᠤᠯᠢ᠎ᠶᠢ ᠰᠠᠴᠤᠪᠠ᠃
( ᠬᠣᠶᠠᠳᠤᠭᠠᠷ ᠪᠦᠯᠦᠭ ᠲᠡᠭᠦᠰᠪᠡ)

(0)
上一篇 4天前

相关推荐

发表回复

登录后才能评论
返回顶部