ᠮᠣᠩᠭᠣᠯ᠎ᠤᠨ ᠨᠢᠭᠤᠴᠠ ᠲᠣᠪᠴᠢᠶᠠᠨ — 77

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

77᠂ ᠲᠡᠨᠳᠡ᠎ᠡᠴᠡ ᠲᠡᠮᠦᠵᠢᠨ ᠬᠠᠰᠠᠷ ᠬᠣᠶᠠᠷ ᠥᠯᠦ ᠣᠢᠰᠢᠶᠠᠨ ᠄ 《 ᠥᠴᠦᠭᠡᠳᠦᠷ ᠨᠢᠭᠡᠨ ᠪᠣᠯᠵᠤᠮᠤᠷ ᠬᠠᠷᠪᠤᠵᠤ ᠠᠯᠠᠭᠰᠠᠨ᠎ᠢ ᠲᠡᠳᠡ ᠪᠣᠯᠢᠶᠠᠵᠤ ᠠᠪᠤᠪᠠ᠃ ᠡᠨᠡ ᠡᠳᠦᠷ ᠪᠠᠰᠠ ᠳᠠᠬᠢᠨ ᠪᠣᠯᠢᠶᠠᠪᠠ᠃ ᠡᠢᠮᠦ ᠪᠣᠯᠪᠠᠰᠤ ᠡᠳᠡᠨ ᠲᠠᠢ ᠬᠠᠮᠲᠤ ᠶᠠᠭᠠᠬᠢᠨ ᠠᠮᠢᠳᠤᠷᠠᠮᠤᠢ》 ᠭᠡᠳ ᠭᠡᠷ᠎ᠦᠨ ᠡᠭᠦᠳᠡ᠎ᠶᠢ ᠰᠢᠷᠦᠭᠦᠨ ᠬᠠᠶᠠᠵᠤ ᠭᠠᠷᠴᠤ ᠶᠠᠪᠤᠪᠠ᠃ ᠪᠡᠭᠳᠡᠷ᠂ ᠳᠣᠪᠤᠷᠴᠠᠭ ᠳᠡᠭᠡᠷ᠎ᠡ ᠶᠢᠰᠦᠨ ᠰᠢᠷᠭ᠎ᠠ ᠮᠣᠷᠢ᠎ᠪᠠᠨ ᠬᠠᠷᠢᠭᠤᠯᠵᠤ ᠰᠠᠭᠤᠳᠠᠯ᠎ᠠ᠂ ᠲᠡᠮᠦᠵᠢᠨ ᠬᠣᠢᠨ᠎ᠠ᠎ᠠᠴᠠ᠂ ᠬᠠᠰᠠᠷ ᠡᠮᠦᠨ᠎ᠡ᠎ᠡᠴᠡ ᠨᠢᠭᠤᠴᠠ᠎ᠪᠠᠷ ᠰᠤᠮᠤ᠎ᠪᠠᠨ ᠣᠨᠢᠯᠠᠵᠤ ᠬᠦᠷᠬᠦ᠎ᠳᠦ ᠪᠡᠭᠳᠡᠷ ᠦᠵᠡᠭᠡᠳ ᠄ 《 ᠲᠠᠢᠴᠢᠭᠤᠳ ᠠᠬ᠎ᠠ ᠳᠡᠭᠦᠦ ᠨᠠᠷ᠎ᠤᠨ ᠬᠥᠨᠦᠭᠡᠯ᠎ᠢ ᠬᠦᠯᠢᠶᠡᠭᠡᠳ᠂ ᠦᠰᠢᠶ᠎ᠡ᠎ᠪᠡᠨ ᠳᠠᠭᠤᠰᠬᠠᠨ ᠠᠪᠴᠤ ᠴᠢᠳᠠᠭᠠᠳᠤᠢ ᠪᠠᠢᠲᠠᠯ᠎ᠠ᠂ ᠲᠠ ᠨᠠᠷ ᠨᠠᠮᠠᠶ᠋ᠢ ᠶᠠᠭᠠᠬᠢᠨ ᠨᠢᠳᠦᠨ᠎ᠦ ᠰᠣᠷᠮᠤᠤᠰᠤ᠂ ᠠᠮᠠᠨ᠎ᠤ ᠪᠦᠭᠡᠯᠵᠢᠰᠦ ᠪᠣᠯᠭᠠᠮᠣᠢ? ᠣᠳᠣ᠌ ᠰᠡᠭᠦᠳᠡᠷ᠎ᠡᠴᠡ ᠥᠭᠡᠷ᠎ᠡ ᠨᠥᠬᠦᠷ ᠦᠭᠡᠢ᠂ ᠰᠡᠭᠦᠯ᠎ᠡᠴᠡ ᠥᠭᠡᠷ᠎ᠡ ᠲᠠᠰᠢᠭᠤᠷ ᠦᠭᠡᠢ ᠪᠠᠢᠯ᠎ᠠ᠂ ᠶᠠᠭᠤᠨᠳᠤ ᠢᠩᠬᠢᠬᠦ ᠪᠣᠢ ᠲᠠ? ᠭᠤᠯᠤᠮᠲᠠ᠎ᠶᠢ ᠮᠢᠨᠢ ᠪᠦᠦ ᠪᠦᠷᠢᠯᠭᠡᠭᠲᠦᠨ᠂ ᠪᠡᠯᠬᠦᠳᠡᠢ᠎ᠶᠢ ᠪᠦᠦ ᠬᠥᠨᠦᠭᠡᠭᠲᠦᠨ》 ᠭᠡᠳ ᠵᠠᠪᠢᠯᠠᠨ ᠰᠠᠭᠤᠵᠤ ᠬᠦᠯᠢᠶᠡᠪᠡ᠃ ᠲᠡᠮᠦᠵᠢᠨ ᠬᠠᠰᠠᠷ ᠬᠣᠶᠠᠷ ᠬᠣᠢᠨ᠎ᠠ ᠡᠮᠦᠨ᠎ᠡ᠎ᠡᠴᠡ ᠬᠠᠷᠪᠤᠨ ᠠᠯᠠᠪᠠ᠃

(0)
上一篇 2026年8月25日 上午7:53
下一篇 2026年8月25日 上午8:00

相关推荐

发表回复

登录后才能评论
返回顶部