ᠮᠣᠩᠭᠣᠯ᠎ᠤᠨ ᠨᠢᠭᠤᠴᠠ ᠲᠣᠪᠴᠢᠶᠠᠨ — 81

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

81᠂ ᠲᠡᠮᠦᠵᠢᠨ᠎ᠢ ᠲᠠᠷᠭᠤᠳᠠᠢ ᠬᠢᠷᠢᠯᠳᠤᠭ ᠪᠠᠷᠢᠵᠤ᠂ ᠤᠯᠤᠰ ᠲᠠᠭᠠᠨ ᠠᠪᠠᠴᠢᠭᠠᠳ ᠵᠠᠰᠠᠭᠯᠠᠨ ᠰᠢᠢᠳᠬᠡᠵᠦ ᠠᠢᠯ ᠪᠦᠷᠢ᠎ᠳᠦ ᠨᠢᠵᠡᠭᠡᠳ ᠬᠣᠨᠤᠭᠤᠯᠵᠤ ᠬᠡᠰᠦᠭᠦᠯᠦᠨ ᠶᠠᠪᠤᠪᠠ᠃ ᠵᠤᠨ᠎ᠤ ᠲᠡᠷᠢᠭᠦᠨ ᠰᠠᠷ᠎ᠠ᠎ᠶᠢᠨ ᠠᠷᠪᠠᠨ ᠵᠢᠷᠭᠤᠭᠠᠨ᠎ᠤ ᠤᠯᠠᠭᠠᠨ ᠲᠡᠷᠭᠡᠯ ᠡᠳᠦᠷ ᠲᠠᠢᠴᠢᠭᠤᠳ ᠣᠨᠤᠨ᠎ᠤ ᠡᠷᠭᠢ ᠳᠡᠭᠡᠷ᠎ᠡ ᠬᠣᠷᠢᠮᠯᠠᠵᠤ᠂ ᠨᠠᠷᠠᠨ ᠰᠢᠩᠭᠡᠬᠦ᠎ᠳᠦ ᠲᠠᠷᠬᠠᠪᠠ᠃ ᠲᠡᠷᠡ ᠬᠣᠷᠢᠮ᠎ᠤᠨ ᠦᠶ᠎ᠡ᠎ᠳᠦ ᠲᠡᠮᠦᠵᠢᠨ᠎ᠢ ᠨᠢᠭᠡᠨ ᠬᠢᠯᠪᠠᠷ ᠳᠣᠷᠤᠢ ᠬᠦᠪᠡᠭᠦᠨ ᠰᠠᠬᠢᠵᠤ ᠪᠠᠢᠪᠠ᠃ ᠬᠣᠷᠢᠮ᠎ᠤᠨ ᠠᠷᠠᠳ ᠲᠠᠷᠬᠠᠮᠠᠭᠴᠠ᠂ ᠲᠡᠷᠡ ᠬᠢᠯᠪᠠᠷ ᠬᠦᠪᠡᠭᠦᠨ᠎ᠦ ᠲᠣᠯᠤᠭᠠᠢ᠎ᠶᠢ ᠪᠠᠭᠤ (ᠲᠥᠩᠭᠡ ) ᠪᠠᠷ ᠨᠢᠭᠡᠨ ᠤᠳᠠᠭ᠎ᠠ ᠳᠡᠯᠡᠳᠦᠭᠡᠳ ᠭᠦᠶᠦᠵᠤ ᠤᠨᠤᠨ᠎ᠤ ᠰᠢᠭᠤᠢ ᠳᠣᠲᠤᠷ᠎ᠠ ᠬᠡᠪᠲᠡᠭᠰᠡᠨ᠎ᠳᠦ ᠦᠵᠡᠭᠳᠡᠬᠦ ᠪᠣᠯᠪᠠᠦ ᠭᠡᠵᠦ ᠤᠰᠤᠨ᠎ᠤ ᠬᠠᠷᠬᠢ ( ᠤᠷᠤᠰᠬᠠᠯ᠎ᠤᠨ ᠬᠠᠵᠠᠭᠤᠳᠠᠬᠢ ᠲᠣᠭᠲᠠᠮᠠᠯ ᠤᠰᠤ )᠎ᠳᠦ ᠣᠷᠤᠭᠠᠳ ᠭᠡᠳᠡᠷᠬᠦ ᠬᠡᠪᠲᠡᠵᠦ ᠳᠦᠩᠭᠡ᠎ᠪᠡᠨ ᠤᠰᠤᠨ ᠤᠷᠤᠭᠤ ᠤᠷᠤᠰᠬᠠᠨ ᠨᠢᠭᠤᠷ᠎ᠢᠶᠠᠨ ᠢᠯᠡ ᠭᠠᠷᠭᠠᠵᠤ ᠬᠡᠪᠲᠡᠪᠡ᠃

(0)
上一篇 2026年8月25日 上午8:05
下一篇 2026年8月27日 下午4:46

相关推荐

发表回复

登录后才能评论
返回顶部