ᠮᠣᠩᠭᠣᠯ᠎ᠤᠨ ᠨᠢᠭᠤᠴᠠ ᠲᠣᠪᠴᠢᠶᠠᠨ — 80

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

80᠂ ᠲᠡᠮᠦᠵᠢᠨ ᠰᠢᠭᠤᠢ ᠳᠣᠲᠣᠷ᠎ᠠ ᠭᠤᠷᠪᠠ ᠬᠣᠨᠤᠵᠤ ᠣᠳᠤ ᠬᠠᠷᠢᠶ᠎ᠠ ᠭᠡᠳ ᠮᠣᠷᠢ᠎ᠪᠠᠨ ᠬᠥᠲᠦᠯᠵᠦ ᠶᠠᠪᠤᠬᠤ᠎ᠳᠤ ᠮᠣᠷᠢᠨ᠎ᠠᠴᠠ ᠡᠮᠡᠭᠡᠯ ᠢᠨᠤ ᠮᠣᠯᠲᠤᠷᠠᠨ ᠤᠨᠠᠪᠠ᠃ ᠡᠷᠭᠢᠵᠦ ᠦᠵᠡᠪᠡᠰᠦ ᠡᠮᠡᠭᠡᠯ᠎ᠦᠨ ᠤᠯᠤᠩ ᠬᠥᠮᠦᠯᠲᠦᠷᠭᠡ ᠬᠡᠪ᠎ᠢᠶᠡᠷ ᠪᠠᠢᠲᠠᠯ᠎ᠠ ᠮᠣᠯᠲᠤᠷᠠᠭᠰᠠᠨ ᠪᠠᠢᠵᠠᠢ᠃ 《 ᠣᠯᠤᠩ ᠮᠣᠯᠲᠤᠷᠠᠵᠤ ᠪᠣᠯᠬᠤ᠂ ᠭᠡᠪᠡᠴᠦ ᠬᠥᠮᠦᠯᠲᠦᠷᠭᠡ ᠶᠠᠭᠠᠬᠢᠨ ᠮᠤᠯᠲᠤᠷᠠᠮᠤᠢ᠃ ᠲᠡᠭᠷᠢ ᠢᠳᠬᠠᠵᠤ ᠪᠠᠢᠭ᠎ᠠ ᠪᠣᠯᠪᠠᠤ ? 》 ᠭᠡᠵᠦ ᠪᠠᠰᠠ ᠭᠤᠷᠪᠠᠨ ᠬᠣᠨᠤᠭ ᠬᠦᠯᠢᠶᠡᠪᠡ᠃ ᠳᠠᠬᠢᠨ ᠭᠠᠷᠬᠤ᠎ᠪᠠᠷ ᠶᠠᠪᠤᠬᠤ᠎ᠳᠤ ᠰᠢᠭᠤᠢ᠎ᠠᠴᠠ ᠭᠠᠷᠬᠤ ᠵᠠᠮ᠎ᠢ ᠭᠡᠷ᠎ᠦᠨ ᠴᠢᠨᠡᠭᠡ ᠴᠠᠭᠠᠨ ᠴᠢᠯᠠᠭᠤ ᠪᠥᠭᠯᠡᠨ ᠬᠡᠪᠲᠡᠵᠦ ᠪᠠᠢᠪᠠ᠃ 《 ᠲᠡᠭᠷᠢ ᠢᠳᠬᠠᠵᠤ ᠪᠠᠢᠭ᠎ᠠ ᠪᠣᠯᠪᠠᠦ ? 》 ᠭᠡᠳ ᠪᠣᠴᠠᠵᠤ ᠪᠠᠰᠠ ᠭᠤᠷᠪᠠ ᠬᠣᠨᠤᠪᠠ᠃ ᠪᠦᠭᠦᠳᠡ ᠶᠢᠰᠦᠨ ᠬᠣᠨᠤᠭ ᠬᠣᠭᠣᠯᠠ ᠦᠭᠡᠢ ᠪᠠᠢᠵᠤ᠂ 《 ᠡᠨᠡ ᠮᠡᠲᠦ ᠨᠡᠷ᠎ᠡ ᠦᠭᠡᠢ ᠦᠬᠦᠬᠦ᠎ᠪᠡᠷ ᠭᠠᠷᠤᠶ᠎ᠠ 》 ᠭᠡᠳ ᠵᠠᠮ ᠪᠦᠭᠯᠡᠨ ᠤᠨᠠᠭᠰᠠᠨ ᠭᠡᠷ᠎ᠦᠨ ᠴᠢᠨᠡᠭᠡ ᠴᠠᠭᠠᠨ ᠴᠢᠯᠠᠭᠤ᠎ᠶᠢ ᠲᠣᠭᠤᠷᠢᠨ ᠭᠠᠷᠬᠤ᠎ᠳᠤ ᠰᠠᠭᠠᠳ ᠪᠣᠯᠬᠤ ᠮᠣᠳᠤ᠎ᠶᠢ ᠰᠣᠮᠤᠴᠢ ( ᠰᠣᠮᠣ᠌ ᠬᠢᠳᠡᠭ )  ᠬᠢᠲᠤᠭ᠎ᠠ᠎ᠪᠠᠷ᠎ᠢᠶᠠᠨ ᠤᠭᠲᠤᠯᠤᠭᠠᠳ ᠮᠤᠷᠢ᠎ᠪᠠᠨ ᠬᠥᠲᠦᠯᠵᠤ ᠭᠠᠷᠤᠮᠠᠭᠴᠠ ᠲᠠᠢᠴᠢᠭᠤᠳ ᠤᠭᠲᠤᠨ ᠪᠠᠷᠢᠵᠤ ᠠᠪᠤᠪᠠ᠃

(0)
上一篇 2026年8月25日 上午8:02
下一篇 2026年8月27日 下午4:28

相关推荐

发表回复

登录后才能评论
返回顶部