《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ
89᠂ ᠲᠡᠨᠳᠡ ᠪᠦᠭᠦᠳᠡᠭᠡᠷ ᠨᠡᠢᠯᠡᠯᠳᠦᠵᠦ ᠪᠣᠷᠬᠠᠨ ᠬᠠᠯᠳᠤᠨᠤ ᠥᠪᠦᠷ ᠬᠦᠷᠡᠯᠬᠦ ᠳᠣᠲᠤᠷ᠎ᠠ ᠤᠷᠤᠰᠬᠤ ᠰᠡᠩᠬᠦᠷ ᠭᠣᠷᠤᠬᠠᠨᠤ ( ᠴᠡᠩᠬᠡᠷ᠎ᠦᠨ ᠭᠤᠤᠯ᠎ᠤᠨ ) ᠬᠠᠷ᠎ᠠ ᠵᠢᠷᠦᠬᠡᠨ᠎ᠦ ᠬᠦᠬᠡ ᠨᠠᠭᠤᠷ ᠭᠡᠬᠦ ᠭᠠᠵᠠᠷ ᠣᠴᠢᠵᠤ ᠨᠤᠲᠤᠭᠯᠠᠭᠠᠳ ᠲᠠᠷᠪᠠᠭ᠎ᠠ ᠵᠤᠷᠠᠮ᠎ᠠ ᠠᠯᠠᠵᠤ ᠢᠳᠡᠨ ᠠᠮᠢᠳᠤᠷᠠᠪᠠ᠃