《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ
50᠂ ᠪᠠᠷᠳᠠᠨ ᠪᠠᠭᠠᠲᠤᠷ᠎ᠤᠨ ᠬᠦᠪᠡᠭᠦᠳ ᠮᠠᠩᠬᠢᠳᠤ ᠬᠢᠶᠠᠨ᠂ ᠨᠡᠭᠦᠨ ᠲᠠᠢᠵᠢ᠂ ᠶᠢᠰᠦᠭᠡᠢ ᠪᠠᠭᠠᠳᠤᠷ᠂ ᠲᠠᠷᠢᠳᠠᠢ ᠣᠳᠴᠢᠬᠢᠨ ᠡᠨᠡ ᠳᠥᠷᠪᠡ᠃ ᠬᠣᠳᠣᠭᠲᠣ᠌ ᠮᠥᠩᠭᠦᠷᠦᠨ ᠬᠦᠪᠡᠭᠦᠨ ᠪᠦᠷᠢ ᠪᠦᠬᠡ᠃ ᠣᠨᠣᠨ ᠮᠦᠷᠡᠨᠦ ᠰᠢᠭᠤᠢ᠎ᠳᠤ ᠬᠣᠷᠢᠮᠯᠠᠬᠤᠳᠤ ᠪᠡᠯᠭᠦᠳᠡᠢ᠎ᠶᠢᠨ ᠮᠥᠷᠦ᠎ᠶᠢ ᠲᠡᠷᠡ ᠠᠩᠭᠠᠢᠲᠠᠯ᠎ᠠ ᠴᠠᠪᠴᠢᠭ᠍ᠰᠠᠨ ᠪᠢᠯᠡ᠃