ᠮᠣᠩᠭᠣᠯ᠎ᠤᠨ ᠨᠢᠭᠤᠴᠠ ᠲᠣᠪᠴᠢᠶᠠᠨ — 82

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

82᠂ 《 ᠪᠠᠷᠢᠭ᠍ᠳᠠᠭᠰᠠᠨ ᠬᠥᠮᠥᠨ᠎ᠢ ᠠᠯᠳᠠᠪᠠ 》 ᠭᠡᠵᠦ ᠲᠡᠭᠦᠨ᠎ᠢ ᠰᠠᠬᠢᠵᠤ ᠪᠠᠢᠭ᠍ᠰᠠᠨ ᠬᠥᠮᠦᠨ ᠶᠡᠬᠡ ᠳᠠᠭᠤᠨ᠎ᠢᠶᠠᠷ ᠬᠠᠰᠬᠢᠷᠬᠤ᠎ᠳᠤ᠂ ᠲᠠᠷᠬᠠᠭᠰᠠᠨ ᠲᠠᠢᠴᠢᠭᠤᠳ ᠴᠤᠭᠯᠠᠨ ᠢᠷᠡᠵᠦ ᠡᠳᠦᠷ ᠮᠡᠲᠦ ᠰᠠᠷᠠᠭᠤᠯ ᠰᠦᠨᠢ ᠣᠨᠤᠨ᠎ᠤ ᠰᠢᠭᠤᠢ᠎ᠶᠢ ᠨᠡᠩᠵᠢᠨ ᠪᠠᠳᠠᠷᠢᠪᠠ᠃ ᠤᠰᠤᠨ᠎ᠤ ᠬᠠᠷᠭᠢ᠎ᠳᠤ ᠬᠡᠪᠲᠡᠵᠦ ᠪᠣᠢ ᠲᠡᠮᠦᠵᠢᠨ ᠲᠠᠢ ᠰᠦᠯᠳᠦᠰᠦᠨ᠎ᠦ ᠰᠤᠷᠬᠠᠨ ᠰᠢᠷ᠎ᠠ ᠶᠠᠭ ᠲᠣᠬᠢᠶᠠᠯᠳᠤᠨ ᠦᠵᠡᠵᠦ ᠄ 《 ᠴᠢ ᠡᠢᠮᠦ ᠠᠷᠭ᠎ᠠ ᠲᠠᠢ ᠪᠦᠭᠡᠳ ᠨᠢᠳᠦᠨ᠎ᠳᠦ᠎ᠪᠡᠨ ᠭᠠᠯ ᠲᠠᠢ᠂ ᠨᠢᠭᠤᠷ᠎ᠲᠤ᠎ᠪᠠᠨ ᠭᠡᠷᠡᠯ ᠲᠠᠢ ᠬᠥᠮᠥᠨ ᠲᠤᠯᠠ ᠲᠠᠢᠴᠢᠭᠤᠳ ᠡᠢᠨ ᠬᠦ᠌ ᠠᠲᠡᠭᠠᠷᠬᠠᠳᠠᠭ᠃ ᠴᠢ ᠢᠩᠬᠢᠭᠡᠳ ᠬᠡᠪᠲᠡᠵᠤ ᠪᠠᠢ᠃ ᠪᠢ ᠴᠢᠮᠠᠶ᠋ᠢ ᠵᠢᠭᠠᠵᠤ ᠦᠭᠬᠦ ᠦᠭᠡᠢ 》 ᠭᠡᠳ ᠥᠩᠭᠡᠷᠡᠨ ᠭᠠᠷᠪᠠ᠃ ᠴᠢᠨᠠᠭ᠍ᠰᠢ ᠬᠡᠷᠬᠢᠨ ᠡᠷᠢᠬᠦ᠎ᠶᠢ ᠲᠠᠢᠴᠢᠭᠤᠳ ᠨᠠᠷ ᠵᠦᠪᠯᠡᠬᠦ᠎ᠳᠦ᠂ ᠰᠤᠷᠬᠠᠨ ᠰᠢᠷ᠎ᠠ ᠄ 《 ᠬᠥᠮᠥᠨ ᠪᠦᠷᠢ ᠶᠠᠪᠤᠭᠰᠠᠨ ᠮᠦᠷ᠎ᠢᠶᠡᠷ ᠭᠡᠳᠡᠷᠬᠦ ᠶᠠᠪᠤᠵᠤ ᠣᠷᠴᠢᠮ᠎ᠤᠨ ᠭᠠᠵᠠᠷ᠎ᠢ ᠳᠠᠬᠢᠨ ᠰᠢᠯᠭᠠᠵᠤ ᠦᠵᠡᠶ᠎ᠡ 》 ᠬᠡᠮᠡᠪᠡᠯ᠂ ᠴᠦᠮ 《 ᠵᠠ 》 ᠭᠡᠵᠦ ᠵᠦᠪᠰᠢᠶᠡᠷᠡᠵᠦ᠂ ᠬᠥᠮᠥᠨ ᠪᠦᠷᠢ ᠶᠠᠪᠤᠭᠰᠠᠨ ᠮᠦᠷ᠎ᠢᠶᠡᠷ᠎ᠢᠶᠡᠨ ᠶᠠᠪᠤᠵᠤ ᠡᠷᠢᠪᠡ᠃ ᠪᠠᠰᠠ ᠰᠤᠷᠬᠠᠨ ᠰᠢᠷ᠎ᠠ᠂ ᠲᠡᠮᠦᠵᠢᠨ᠎ᠢ ᠳᠠᠭᠠᠷᠢᠵᠤ ᠄ 《 ᠠᠬ᠎ᠠ ᠳᠡᠭᠦᠦ ᠲᠠᠢᠴᠢᠭᠤᠳ ᠨᠠᠷ ᠠᠮᠠ ᠰᠢᠳᠦ᠎ᠪᠡᠨ ᠪᠢᠯᠡᠭᠦᠳᠡᠵᠦ ᠪᠠᠢᠨ᠎ᠠ᠃ ᠴᠢ ᠬᠠᠲᠠᠭᠤᠵᠢᠨ ᠬᠡᠪᠲᠡᠵᠤ ᠪᠠᠢ 》 ᠭᠡᠳ ᠥᠩᠭᠡᠷᠡᠭᠡᠵᠦ ᠣᠳᠪᠠ᠃

(0)
上一篇 2026年8月27日 下午4:28
下一篇 2026年8月27日 下午4:48

相关推荐

发表回复

登录后才能评论
返回顶部