《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ
55᠂ ᠲᠡᠷᠡ ᠠᠶᠤᠵᠤ ᠬᠤᠷᠳᠤᠨ ᠬᠣᠸᠠ ᠮᠣᠷᠢᠨ᠎ᠤ ᠭᠣᠶ᠎ᠠ᠎ᠶᠢ ᠳᠠᠰᠢᠭᠤᠷᠳᠠᠵᠣ᠌᠂ ᠠᠭᠤᠯᠠ᠎ᠶᠢᠨ ᠪᠠᠯ᠎ᠢᠶᠠᠷ ᠳᠤᠲᠠᠭᠠᠪᠠ᠃ ᠲᠡᠭᠦᠨ᠎ᠢ ᠭᠤᠷᠪᠠᠭᠤᠯᠠ ᠴᠣᠪᠤᠯᠳᠤᠨ ᠬᠥᠭᠡᠭᠡᠪᠡᠯ ᠲᠡᠷᠡ ᠤᠯᠠᠮ ᠳᠤᠲᠠᠭᠠᠭᠰᠠᠭᠠᠷ ᠨᠢᠭᠡᠨ ᠬᠤᠰᠢᠭᠤ᠎ᠶᠢ ᠲᠣᠭᠤᠷᠢᠵᠤ ᠡᠭᠡᠵᠦ ᠲᠡᠷᠭᠡᠨ᠎ᠳᠦ᠎ᠪᠡᠨ ᠬᠦᠷᠴᠦ ᠢᠷᠡᠭᠰᠡᠨ᠎ᠳᠦ ᠡᠮ᠎ᠡ ᠥᠭᠡᠯᠦᠨ ᠦᠵᠢᠨ ( ᠹᠦᠵᠢᠨ ᠭᠡᠵᠦ ᠭᠢᠳᠠᠨ᠎ᠢᠶᠠᠷ ᠬᠠᠲᠤᠨ᠎ᠢ ᠬᠡᠯᠡᠮᠣᠢ) ᠄《 ᠲᠡᠷᠡ ᠭᠤᠷᠪᠠᠨ ᠬᠥᠮᠥᠨ᠎ᠦ ᠤᠴᠢᠷ᠎ᠢ ᠮᠡᠳᠡᠪᠡᠦ ᠴᠢ᠃ ᠲᠡᠳᠡᠨ ᠬᠥᠮᠥᠨ ᠠᠯᠠᠬᠤ ᠴᠢᠷᠠᠢᠯᠠᠵᠤ ᠪᠠᠢᠨ᠎ᠠ᠃ ᠴᠢᠨᠤ ᠠᠮᠢᠨ᠎ᠳᠤ ᠬᠤᠤᠷ ᠬᠦᠷᠭᠡᠬᠦ ᠪᠣᠢ᠃ ᠠᠮᠢ ᠮᠡᠨᠳᠦ ᠦᠯᠡᠳᠡᠪᠡᠯ ᠡᠬᠡᠨᠡᠷᠢ ᠣᠯᠬᠤ᠎ᠳᠤ ᠪᠡᠷᠬᠡ ᠦᠭᠡᠢ᠃ ᠮᠣᠬᠤᠯᠠᠭ ᠲᠣᠲᠤᠮ ᠥᠬᠢᠳ ᠪᠣᠢ᠃ ᠲᠡᠷᠭᠡ ᠲᠣᠲᠤᠮ ᠬᠠᠲᠤᠳ ᠪᠣᠢ᠃ ᠬᠡᠷᠪᠡ ᠨᠠᠮᠠᠶ᠋ᠢ ᠰᠠᠨᠠᠬᠤ ᠪᠦᠭᠡᠰᠦ ᠲᠠᠬᠢᠨ ᠠᠪᠣᠭᠰᠠᠨ ᠭᠡᠷᠭᠡᠢ᠎ᠶᠢ ᠮᠢᠨᠤ ᠨᠡᠷ᠎ᠡ᠎ᠪᠡᠷ ᠨᠡᠷᠡᠯᠡᠭᠲᠦᠨ᠃ ᠣᠳᠣ᠌ ᠠᠮᠢ᠎ᠪᠠᠨ ᠠᠷᠠᠴᠢᠯᠠ᠃ ᠮᠢᠨᠤ ᠦᠨᠦᠷ᠎ᠢ ᠦᠨᠦᠰᠴᠦ ᠶᠠᠪᠤ》 ᠭᠡᠳ ᠡᠮᠦᠰᠦᠭᠰᠡᠨ ᠴᠠᠮᠴᠠ᠎ᠪᠠᠨ ᠲᠠᠢᠯᠵᠤ ᠦᠭᠪᠡ᠃ ᠶᠡᠬᠡ ᠴᠢᠯᠡ᠎ᠲᠦ ᠲᠡᠷᠡ ᠴᠠᠮᠴᠠ᠎ᠶᠢ ᠮᠣᠷᠢᠨ ᠳᠡᠭᠡᠷ᠎ᠡ᠎ᠡᠴᠡ ᠲᠣᠩᠭᠤᠢᠵᠤ ᠠᠪᠤᠮᠠᠭᠴᠠ ᠬᠠᠷᠠᠪᠠᠯ ᠨᠥᠭᠦᠭᠡ ᠭᠤᠷᠪᠠ ᠮᠦᠨ ᠬᠤᠰᠢᠭᠤ᠎ᠶᠢ ᠲᠣᠭᠣᠷᠢᠵᠤ ᠨᠡᠬᠡᠵᠤ ᠢᠷᠡᠯ᠎ᠡ᠃ ᠴᠢᠯᠡ᠎ᠲᠦ ᠬᠤᠷᠳᠤᠨ ᠬᠤᠸᠠ ᠮᠣᠷᠢᠨ᠎ᠤ ᠭᠤᠶ᠎ᠠ᠎ᠶᠢ ᠲᠠᠰᠢᠭᠤᠷᠳᠠᠵᠤ ᠶᠠᠭᠠᠷᠠᠨ ᠣᠨᠤᠨ ᠮᠦᠷᠡᠨ ᠥᠭᠡᠳᠡ ᠲᠤᠭᠲᠠᠭᠠᠪᠠ᠃