《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ
78᠂ ᠲᠡᠮᠦᠵᠢᠨ ᠬᠠᠰᠠᠷ ᠬᠣᠶᠠᠷ ᠭᠡᠷ᠎ᠲᠦ ᠣᠷᠤᠬᠤ᠎ᠳᠤ ᠦᠵᠢᠨ ᠡᠬᠡ ᠬᠣᠶᠠᠷ ᠬᠦᠪᠡᠭᠦᠨ᠎ᠦ ᠴᠢᠷᠠᠢ᠎ᠶᠢ ᠬᠠᠷᠠᠮᠠᠭᠴᠠ ᠤᠴᠢᠷ᠎ᠢ ᠮᠡᠳᠡᠵᠦ᠄ ᠬᠠᠨᠢ᠎ᠪᠠᠨ ᠪᠠᠷᠠᠭᠰᠠᠳ \ ᠢᠵᠢᠯᠢ᠎ᠪᠡᠨ ᠢᠳᠡᠭᠰᠡᠳ \ ᠬᠠᠯᠠᠭᠤᠨ ᠬᠡᠪᠡᠯᠢ᠎ᠡᠴᠡ ᠭᠠᠷᠬᠤ᠎ᠢ᠎ᠳᠠᠭᠠᠨ \ ᠬᠠᠷ᠎ᠠ ᠨᠦᠵᠢ ᠠᠳᠬᠤᠨ ᠲᠥᠷᠦᠭᠰᠡᠨ ᠪᠢᠯᠡ᠃ \ ᠬᠠᠪᠢᠷᠭ᠎ᠠ᠎ᠪᠠᠨ ᠬᠠᠵᠠᠬᠤ \ ᠬᠠᠷ᠎ᠠ ᠨᠣᠬᠠᠢ ᠮᠡᠲᠦ᠂ \ ᠬᠠᠳᠠᠨ᠎ᠳᠤ ᠲᠣᠪᠲᠤᠯᠬᠤ \ ᠬᠠᠷᠴᠠᠭ᠎ᠠ ᠱᠣᠩᠬᠤᠷ ᠮᠡᠲᠦ᠂ \ ᠠᠭᠤᠷ᠎ᠢᠶᠠᠨ ᠳᠠᠷᠤᠨ ᠶᠠᠳᠠᠬᠤ \ ᠣᠮᠤᠭ᠎ᠲᠤ ᠠᠷᠰᠯᠠᠨ ᠮᠡᠲᠦ᠂ \ ᠠᠮᠢᠳᠤ᠎ᠶᠢ ᠵᠠᠯᠭᠢᠬᠤ \ ᠠᠶᠤᠯᠲᠤ ᠮᠠᠩᠭᠤᠰ ᠮᠡᠲᠦ᠂ \ ᠰᠡᠭᠦᠳᠡᠷ᠎ᠢᠶᠡᠨ ᠳᠣᠪᠲᠤᠯᠬᠤ \ ᠰᠦᠷᠡᠬᠡᠢ ᠠᠷᠢᠶᠠᠲᠠᠨ ᠮᠡᠲᠦ᠂\ ᠴᠣᠭᠢ ᠵᠠᠯᠭᠢᠬᠤ \ ᠴᠤᠷᠠᠬᠠ ᠵᠢᠭᠠᠰᠤ ᠮᠡᠲᠦ᠂ \ ᠪᠣᠲᠤᠭᠤ ᠲᠣᠷᠤᠮ᠎ᠤᠨ \ ᠪᠣᠷᠪᠢ᠎ᠶᠢ ᠬᠠᠵᠠᠬᠤ \ ᠥᠯ ᠪᠤᠤᠷ᠎ᠠ ᠮᠡᠲᠦ᠂\ ᠪᠣᠷᠤᠭ᠎ᠠ᠎ᠲᠤ ᠡᠳᠦᠷ \ ᠲᠤᠪᠲᠤᠯᠤᠨ ᠬᠠᠯᠳᠠᠬᠤ \ ᠥᠯᠦᠨ ᠴᠢᠨᠦ᠎ᠠ ᠮᠡᠲᠦ᠂\ ᠨᠢᠯᠬ᠎ᠠ ᠦᠷ᠎ᠡ᠎ᠪᠡᠨ \ ᠭᠡᠯᠢᠨ ( ᠬᠦᠭᠡᠭᠡᠨ) ᠶᠠᠳᠠᠵᠤ \ ᠨᠢᠳᠦᠯᠦᠨ ᠢᠳᠡᠬᠦ \ᠨᠢᠭᠦᠯᠲᠦ ᠠᠩᠭᠢᠷ ᠮᠡᠲᠦ᠂ \ ᠪᠠᠷᠢᠵᠤ ᠢᠳᠡᠬᠦ \ ᠪᠠᠷᠰ ᠠᠷᠢᠶᠠᠲᠠᠨ ᠮᠡᠲᠦ᠂ \ ᠪᠠᠯᠠᠮᠠᠳ ᠠᠮᠢᠲᠠᠳ ᠪᠣᠶᠤ᠃ \ ᠰᠡᠭᠦᠳᠡᠷ᠎ᠡᠴᠡ ᠥᠭᠡᠷ᠎ᠡ ᠨᠥᠬᠦᠷ ᠦᠭᠡᠢ \ ᠰᠡᠭᠦᠯ᠎ᠡᠴᠡ ᠥᠭᠡᠷ᠎ᠡ ᠲᠠᠰᠢᠭᠤᠷ ᠦᠭᠡᠢ ᠪᠠᠢᠬᠤ᠎ᠳᠤ᠂ ᠲᠠᠢᠴᠢᠭᠤᠳ ᠨᠠᠷ᠎ᠤᠨ ᠬᠥᠨᠦᠭᠡᠯᠢ ᠬᠦᠯᠢᠶᠡᠵᠦ ᠦᠰᠢᠶ᠎ᠡ᠎ᠪᠡᠨ ᠬᠡᠨ ᠶᠠᠭᠠᠬᠢᠨ ᠠᠪᠬᠤ ᠪᠣᠢ ᠭᠡᠵᠦ ᠪᠠᠢᠬᠤ᠎ᠳᠤ᠂ ᠲᠠ ᠨᠠᠷ ᠶᠠᠭᠤᠨ᠎ᠳᠤ ᠡᠢᠮᠦ ᠬᠡᠷᠡᠭ ᠬᠢᠪᠡ ?》 ᠭᠡᠵᠦ ᠡᠷᠲᠡᠨ᠎ᠦ ᠦᠭᠡ᠎ᠶᠢ ᠡᠰᠢ ᠲᠠᠲᠠᠵᠤ᠂ ᠡᠪᠦᠭᠡᠳ᠎ᠦᠨ ᠦᠭᠡ᠎ᠶᠢ ᠦᠨᠳᠦᠰᠦ ᠪᠣᠯᠭᠠᠵᠤ ᠬᠦᠪᠡᠭᠦᠳ᠎ᠢᠶᠡᠨ ᠶᠡᠬᠡᠳᠲᠡ ᠪᠤᠷᠤᠭᠤᠰᠢᠶᠠᠨ ᠵᠢᠮᠡᠯᠡᠪᠡ᠃