ᠮᠣᠩᠭᠣᠯ᠎ᠤᠨ ᠨᠢᠭᠤᠴᠠ ᠲᠣᠪᠴᠢᠶᠠᠨ — 75

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

75᠂ ᠭᠤᠸ᠎ᠠ ᠲᠥᠷᠦᠭᠰᠡᠨ ᠦᠭᠡᠯᠦᠨ ᠡᠬᠡ \ ᠭᠤᠬ᠎ᠠ ᠳᠡᠭᠡᠭᠡ ᠪᠠᠷᠢᠨ ᠶᠠᠪᠤᠵᠤ \ ᠭᠣᠣᠯ ᠵᠡᠪᠡ᠎ᠶᠢ ᠥᠭᠰᠦᠵᠦ ᠤᠷᠤᠭᠤᠳᠠᠵᠤ \ ᠭᠣᠭᠣᠳ ᠮᠠᠩᠭᠢᠷ᠎ᠢ ᠲᠡᠭᠦᠨ ᠶᠠᠪᠤᠵᠤ \ ᠬᠣᠲᠣᠭᠲᠠᠨ ᠬᠦᠪᠡᠭᠦᠳ᠎ᠢᠶᠡᠨ ᠲᠡᠵᠢᠭᠡᠵᠤ ᠦᠰᠭᠡᠪᠡ᠃ \ ᠵᠠᠷᠴᠢᠮ ᠲᠠᠢ ᠲᠥᠷᠦᠭᠰᠡᠨ ᠦᠵᠢᠨ ᠡᠬᠡ᠎ᠶᠢᠨ \ ᠵᠠᠳᠬᠠᠰᠤ ᠲᠥᠮᠥᠰᠦ᠎ᠪᠡᠷ ᠲᠡᠵᠢᠭᠡᠭᠰᠡᠨ ᠬᠦᠪᠡᠭᠦᠳ \ ᠵᠠᠰᠠᠭᠲᠠᠨ ᠰᠠᠢᠳ ᠪᠣᠯᠵᠤ ᠥᠰᠪᠡ᠃ \ ᠭᠣᠸ᠎ᠠ ᠲᠥᠷᠦᠭᠰᠡᠨ ᠦᠵᠢᠨ ᠡᠬᠡ᠎ᠶᠢᠨ \ ᠭᠣᠭᠤᠳ ᠮᠠᠩᠭᠢᠷ᠎ᠢᠶᠠᠷ ᠲᠡᠵᠢᠭᠡᠭᠰᠡᠨ ᠬᠦᠪᠡᠭᠦᠳ \ ᠬᠣᠳᠤᠭᠲᠠᠨ ᠰᠠᠢᠳ ᠪᠤᠯᠵᠤ ᠥᠰᠪᠡ᠃ \ ᠡᠬᠡ ᠦᠵᠢᠨ᠎ᠦ ᠲᠡᠵᠢᠭᠡᠭᠰᠡᠨ ᠬᠦᠪᠡᠭᠦᠳ \ ᠡᠷᠡᠰ ᠰᠠᠢᠳ ᠪᠣᠯᠤᠨ ᠦᠰᠴᠦ \ ᠡᠷᠬᠡ ᠤᠮᠤᠭ ᠲᠡᠭᠦᠯᠳᠡᠷ ᠪᠣᠯᠵᠤ \ ᠡᠬᠡ ᠣᠨᠤᠨ᠎ᠤ ᠡᠷᠭᠢ᠎ᠳᠦ ᠰᠠᠭᠤᠵᠤ \ ᠡᠯᠭᠦᠭᠦᠷ ᠭᠣᠬ᠎ᠠ ᠤᠰᠤᠨ᠎ᠳᠤ ᠬᠠᠶᠠᠵᠤ \ ᠡᠷᠡᠮᠳᠡᠭ ᠵᠢᠭᠠᠰᠤ᠎ᠶᠢ ᠱᠦᠭᠦᠨ ᠪᠠᠷᠢᠵᠤ \ ᠡᠬᠡ ᠦᠵᠢᠨ᠎ᠢ ᠳᠡᠵᠢᠭᠡᠬᠦ ᠪᠣᠯᠪᠠ᠃ \ ᠵᠠᠷᠴᠢᠮᠲᠤ ᠦᠵᠢᠨ᠎ᠦ ᠲᠡᠵᠢᠭᠡᠭᠰᠡᠨ ᠬᠦᠪᠡᠭᠦᠳ \ ᠵᠠᠰᠠᠭᠲᠤ ᠡᠷᠡᠰ ᠪᠣᠯᠤᠨ ᠥᠰᠴᠦ \ ᠵᠠᠮᠠᠭ ᠲᠠᠢ ᠤᠰᠤ᠎ᠶᠢ ᠰᠢᠭᠦᠷᠳᠡᠨ ᠪᠠᠢᠵᠤ \ ᠵᠢᠭᠠᠰᠤ ᠵᠢᠷᠠᠭᠠᠬᠠᠢ᠎ᠶᠢ ᠭᠦᠬᠢᠲᠡᠨ ᠪᠠᠷᠢᠵᠤ \ ᠵᠠᠶᠠᠭᠠᠲᠤ ᠡᠬᠡ᠎ᠪᠡᠨ ᠲᠡᠵᠢᠭᠡᠬᠦ ᠪᠣᠯᠪᠠ᠃

(0)
上一篇 2026年8月24日 上午11:52
下一篇 2026年8月25日 上午7:53

相关推荐

发表回复

登录后才能评论
返回顶部