《 ᠮᠣᠩᠭᠣᠯᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰᠦᠨ ᠢᠳᠡᠷ ᠨᠠᠰᠤ
74᠂ ᠡᠢᠨ ᠬᠦ᠌ ᠲᠠᠢᠴᠢᠭᠤᠳ ᠠᠬᠠ ᠳᠡᠭᠦᠦ ᠨᠠᠷ ᠪᠡᠯᠪᠡᠰᠦᠨ ᠦᠭᠡᠯᠦᠨ ᠦᠵᠢᠨᠢ ᠪᠢᠴᠢᠬᠠᠨ ᠬᠦᠪᠡᠭᠦᠳᠦᠨ ᠬᠠᠮᠲᠤ ᠨᠤᠲᠤᠭᠲᠤ ᠭᠡᠭᠡᠵᠦ ᠨᠡᠭᠦᠪᠡ᠃ ᠣᠶᠤᠨ ᠲᠠᠢ ᠲᠥᠷᠦᠭᠰᠡᠨ ᠦᠭᠡᠯᠦᠨ ᠡᠬᠡ \ ᠣᠶᠤᠳᠠᠯᠲᠤ ᠳᠡᠪᠡᠯᠢ ᠣᠭᠰᠢᠭᠤᠯᠤᠨ ᠡᠮᠦᠰᠴᠦ \ ᠣᠭᠤᠲᠤᠷ ᠬᠣᠷᠮᠣᠢᠶᠢ ᠰᠢᠭᠤᠨ ᠪᠦᠰᠡᠯᠡᠵᠤ \ ᠣᠨᠤᠨ ᠮᠦᠷᠡᠨᠢ ᠥᠭᠰᠦᠵᠦ ᠤᠷᠤᠭᠤᠳᠠᠵᠤ \ ᠤᠯᠢᠷᠰᠤ ᠮᠣᠢᠯᠢ ᠲᠠᠭᠦᠵᠤ ᠶᠠᠪᠤᠵᠤ \ ᠥᠴᠦᠬᠡᠨ ᠬᠦᠪᠡᠭᠦᠳᠢᠶᠡᠨ ᠬᠠᠢᠷᠠᠯᠠᠨ ᠲᠡᠵᠢᠭᠡᠵᠦ \ ᠡᠳᠦᠷ ᠰᠦᠨᠢᠶᠢ ᠠᠷᠭᠠᠴᠠᠭᠠᠨ ᠥᠩᠭᠡᠷᠡᠭᠦᠯᠪᠡ᠃ \ ᠴᠢᠳᠠᠯ ᠲᠠᠢ ᠲᠥᠷᠦᠭᠰᠡᠨ ᠦᠵᠢᠨ ᠡᠬᠡ \ ᠴᠠᠷᠠᠰᠤᠨ ᠱᠣᠷᠣ᠌ᠶᠢ ᠪᠠᠷᠢᠨ ᠶᠠᠪᠤᠵᠤ \ ᠴᠠᠪᠴᠢᠮᠠ ᠭᠠᠵᠠᠷᠢ ᠥᠭᠰᠦᠵᠦ ᠤᠷᠤᠭᠤᠳᠠᠵᠤ \ ᠰᠥᠳᠦᠨ ᠬᠢᠴᠢᠬᠡᠨᠡᠶᠢᠨ ᠦᠨᠳᠦᠰᠦᠶᠢ ᠮᠠᠯᠲᠠᠵᠤ \ ᠰᠦᠨᠢ ᠡᠳᠦᠷᠢ ᠬᠠᠲᠠᠮᠵᠢᠨ ᠥᠩᠭᠡᠷᠡᠭᠦᠯᠵᠦ \ ᠰᠣᠳᠣ᠌ ᠬᠦᠪᠡᠭᠦᠳᠢᠶᠡᠨ ᠲᠡᠵᠢᠭᠡᠨ ᠥᠭᠰᠥᠭᠡᠪᠡ᠃