ᠮᠣᠩᠭᠣᠯ᠎ᠤᠨ ᠨᠢᠭᠤᠴᠠ ᠲᠣᠪᠴᠢᠶᠠᠨ — 59

《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ

59᠂ ᠲᠡᠷᠡ ᠴᠠᠭ᠎ᠲᠤ ᠶᠢᠰᠦᠭᠡᠢ ᠪᠠᠭᠠᠲᠤᠷ᠂ ᠲᠠᠲ᠋ᠠᠷ᠎ᠤᠨ ᠲᠡᠮᠦᠵᠢᠨ ᠦᠬᠡ᠂ ᠬᠣᠷᠢᠪᠣᠬ᠎ᠠ ᠵᠡᠷᠭᠡ᠎ᠶᠢᠨ ᠲᠠᠲ᠋ᠠᠷ ᠬᠦᠮᠦᠨ᠎ᠢ ᠪᠠᠷᠢᠵᠤ ᠢᠷᠡᠬᠦ᠎ᠳᠦ ᠵᠢᠷᠮᠦᠰᠦᠨ ᠪᠠᠢᠭ᠍ᠰᠠᠨ ᠦᠭᠡᠯᠦᠨ ᠦᠵᠢᠨ᠂ ᠣᠨᠣᠨ᠎ᠤ ᠳᠡᠯᠢᠭᠦᠨ ᠪᠣᠯᠳᠠᠭ ᠭᠡᠬᠦ ᠭᠠᠵᠠᠷ ᠴᠢᠩᠬᠢᠰ ᠬᠠᠭᠠᠨ᠎ᠢ ᠲᠥᠷᠦᠵᠡᠢ᠃ ᠴᠢᠩᠬᠢᠰ ᠲᠥᠷᠦᠬᠦ᠎ᠳᠡᠭᠡᠨ ᠪᠠᠷᠠᠭᠤᠨ ᠭᠠᠷ᠎ᠲᠤ᠎ᠪᠠᠨ ᠱᠠᠭᠠᠢ᠎ᠶᠢᠨ ᠴᠢᠨᠡᠭᠡ ᠨᠦᠵᠢ ᠠᠳᠬᠤᠨ ᠲᠥᠷᠦᠪᠡ᠃ ᠲᠠᠲ᠋ᠠᠷ᠎ᠤᠨ ᠲᠡᠮᠦᠵᠢᠨ ᠦᠭᠡ᠎ᠶᠢ ᠪᠠᠷᠢᠵᠤ ᠢᠷᠡᠬᠦ᠎ᠳᠦ ᠲᠣᠬᠢᠶᠠᠯᠳᠤᠵᠤ ᠲᠥᠷᠦᠪᠡ ᠭᠡᠵᠦ ᠳᠡᠮᠦᠵᠢᠨ ᠭᠡᠳᠡᠭ ᠨᠡᠷ᠎ᠡ ᠥᠭᠴᠡᠢ᠃

(0)
上一篇 2026年8月19日 上午9:33
下一篇 2026年8月19日 上午9:39

相关推荐

发表回复

登录后才能评论
返回顶部