ᠮᠣᠩᠭᠣᠯ᠎ᠤᠨ ᠨᠢᠭᠤᠴᠠ ᠲᠣᠪᠴᠢᠶᠠᠨ —— 9

《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ

9᠂ ᠬᠣᠷᠢᠯᠠᠷᠳᠠᠢ ᠮᠡᠷᠭᠡᠨ᠂ ᠬᠣᠷᠢ ᠲᠦᠮᠡᠳ᠎ᠦᠨ ᠭᠠᠵᠠᠷ᠎ᠲᠤ ᠪᠤᠯᠠᠭ᠎ᠠ᠂ ᠬᠡᠷᠡᠮᠦ ᠠᠩᠨᠠᠬᠤ ᠭᠠᠵᠠᠷ᠎ᠢᠶᠠᠨ ᠪᠣᠯᠢᠶᠠᠯᠳᠣᠵᠤ ᠬᠠᠷᠢᠯᠴᠠᠨ ᠮᠠᠭᠤᠳᠠᠯᠴᠠᠭᠠᠳ ᠰᠠᠯᠵᠤ᠂ ᠬᠣᠷᠢᠯᠠᠷᠳᠠᠢ ᠣᠪᠤᠭᠲᠠᠨ ᠪᠣᠯᠤᠭᠠᠳ ᠪᠣᠷᠬᠠᠨ ᠬᠠᠯᠳᠤᠨ ᠠᠭᠤᠯᠠᠨ᠎ᠳᠤ ᠠᠩ ᠭᠥᠷᠦᠭᠡᠰᠦ ᠡᠯᠪᠡᠭ ᠬᠡᠮᠡᠨ ᠰᠣᠨᠤᠰᠴᠤ᠂ ᠪᠣᠷᠬᠠᠨ ᠬᠠᠯᠳᠤᠨ᠎ᠤ ᠡᠵᠡᠨ ᠪᠣᠷᠬᠠᠨ ᠪᠣᠰᠬᠠᠭᠰᠠᠨ ᠰᠢᠨᠴᠢ ᠪᠠᠶᠠᠨ ᠣᠷᠢᠶᠠᠩᠬᠠᠢ ᠲᠠᠢ ᠠᠭᠤᠯᠵᠠᠬᠤ᠎ᠪᠠᠷ ᠨᠠᠭᠦᠵᠤ ᠢᠷᠡᠭᠰᠡᠨ ᠪᠠᠢᠵᠠᠢ᠃ ᠡᠨᠡ ᠬᠤᠷᠢ ᠲᠦᠮᠡᠳ᠎ᠦᠨ ᠨᠣᠶᠠᠨ ᠬᠣᠷᠢᠯᠠᠷᠳᠠᠢ ᠮᠡᠷᠭᠡᠨ᠎ᠦ ᠥᠬᠢᠨ᠂ ᠠᠷᠢᠭ᠋ ᠤᠰᠤᠨ᠎ᠳᠤ ᠲᠥᠷᠦᠭᠰᠡᠨ ᠠᠯᠤᠩᠭᠤᠸ᠎ᠠ᠎ᠶᠢ ᠭᠤᠶᠤᠵᠤ ᠳᠣᠪᠣᠨ ᠮᠡᠷᠬᠡᠨ᠎ᠦ ᠭᠡᠷᠭᠡᠢ ᠪᠣᠯᠭᠠᠭᠰᠠᠨ ᠶᠣᠰᠤᠨ ᠲᠡᠢᠮᠦ ᠪᠠᠢᠵᠠᠢ᠃

(0)

相关推荐

发表回复

登录后才能评论