ᠮᠣᠩᠭᠣᠯ᠎ᠤᠨ ᠨᠢᠭᠤᠴᠠ ᠲᠣᠪᠴᠢᠶᠠᠨ — 86

《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ

86᠂ ᠭᠤᠷᠪᠠᠳᠤᠭᠠᠷ ᠡᠳᠦᠷ᠂ 《 ᠲᠡᠭᠦᠨ᠎ᠢ ᠮᠠᠨ᠎ᠤ ᠬᠢᠨ ᠨᠢᠭᠤᠭᠰᠠᠨ ᠪᠢᠵᠠ᠃ ᠥᠪᠡᠷ ᠵᠠᠭᠤᠷ᠎ᠠ᠎ᠪᠠᠨ ᠠᠢᠯ᠎ᠤᠳ᠎ᠢ ᠨᠡᠩᠵᠢᠶ᠎ᠡ 》 ᠭᠡᠵᠦ ᠠᠢᠯ ᠪᠦᠷᠢ᠎ᠶᠢ ᠨᠡᠩᠵᠢᠭᠰᠡᠭᠡᠷ ᠰᠣᠷᠬᠠᠨ ᠰᠢᠷ᠎ᠠ᠎ᠶᠢᠨ᠎ᠳᠦ ᠢᠷᠡᠵᠤ᠂ ᠭᠡᠷ ᠲᠡᠷᠭᠡ ᠪᠠ ᠢᠰᠠᠷᠢ ( ᠣᠷᠣ᠌ )᠎ᠶᠢᠨ ᠳᠣᠣᠷ᠎ᠠ ᠬᠦᠷᠲᠡᠯ᠎ᠡ ᠨᠡᠩᠵᠢᠭᠡᠳ ᠬᠣᠢᠲᠤ ᠤᠩᠭᠠᠰᠤᠲᠤ ᠲᠡᠷᠭᠡᠨ᠎ᠳᠦ ᠣᠴᠢᠵᠤ ᠠᠮᠠᠰᠠᠷ ᠲᠠᠬᠢ ᠤᠩᠭᠠᠰᠤ᠎ᠶᠢ ᠳᠠᠲᠠᠯᠠᠵᠤ᠂ ᠲᠡᠮᠦᠵᠢᠨ᠎ᠦ ᠬᠥᠯ᠎ᠳᠦ ᠬᠦᠷᠪᠡᠰᠦ᠂ ᠰᠣᠷᠬᠠᠨ ᠰᠢᠷ᠎ᠠ ᠄ 《 ᠡᠢᠮᠦ ᠬᠠᠯᠠᠭᠤᠨ ᠴᠠᠭ᠎ᠲᠤ ᠤᠩᠭᠠᠰᠤᠨ ᠳᠣᠲᠤᠷ᠎ᠠ ᠠᠮᠢᠳᠤ ᠬᠥᠮᠥᠨ ᠶᠠᠭᠠᠬᠢᠨ ᠳᠡᠰᠬᠦ ᠪᠣᠢ? 》 ᠭᠡᠰᠡᠨ᠎ᠳᠦ᠂ ᠨᠡᠩᠵᠢᠭᠦᠯ᠎ᠦᠨ ᠬᠥᠮᠥᠰ ᠪᠠᠭᠤᠵᠤ ᠶᠠᠪᠤᠪᠠ᠃

(0)
上一篇 2026年8月27日 下午4:53
下一篇 2026年8月28日 上午8:29

相关推荐

发表回复

登录后才能评论
返回顶部