ᠮᠣᠩᠭᠣᠯ᠎ᠤᠨ ᠨᠢᠭᠤᠴᠠ ᠲᠣᠪᠴᠢᠶᠠᠨ — 53

《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ

53᠂ ᠪᠦᠢᠷ ᠬᠥᠯᠦᠨ ᠬᠣᠶᠠᠷ ᠨᠠᠭᠤᠷ᠎ᠢ ᠬᠣᠯᠪᠤᠵᠤ ᠤᠷᠤᠰᠬᠤ ᠤᠷᠱᠤᠨ ᠮᠦᠷᠡᠨ᠎ᠳᠦ ᠠᠢᠷᠭᠣᠳ᠂ ᠪᠤᠢᠷᠭᠤᠳ ᠣᠪᠤᠭ᠎ᠤᠨ ᠲᠠᠲ᠋ᠠᠷ ᠠᠢᠮᠠᠭ ᠨᠤᠲᠤᠭᠯᠠᠳᠠᠭ᠃ ᠲᠡᠳᠡᠨ᠎ᠳᠦ ᠠᠮᠪᠠᠭᠠᠢ ᠬᠠᠭᠠᠨ ᠦᠬᠢᠨ᠎ᠢᠶᠡᠨ ᠦᠭᠴᠦ᠂ ᠥᠪᠡᠷ᠎ᠢᠶᠡᠨ ᠦᠬᠢᠨ᠎ᠢᠶᠡᠨ ᠬᠦᠷᠭᠡᠵᠦ ᠤᠴᠢᠭᠠᠳ ᠲᠠᠲ᠋ᠠᠷ᠎ᠲᠤ ᠪᠠᠷᠢᠭ᠍ᠳᠠᠪᠠ᠃ ᠲᠠᠲ᠋ᠠᠷ᠂ ᠠᠮᠪᠠᠭᠠᠢ ᠬᠠᠭᠠᠨ᠎ᠢ ᠪᠠᠷᠢᠵᠤ ᠭᠢᠳᠠᠨ᠎ᠤ ᠠᠯᠲᠠᠨ ᠬᠠᠭᠠᠨ᠎ᠳᠤ ᠬᠦᠷᠭᠡᠪᠡ᠃ ᠠᠮᠪᠠᠭᠠᠢ ᠬᠠᠭᠠᠨ᠎ᠠᠴᠠ ᠪᠠᠰᠤᠳ ᠣᠪᠤᠭ᠎ᠤᠨ ᠪᠠᠯᠬᠠᠴᠢ ᠭᠡᠬᠦ ᠬᠥᠮᠥᠨ᠎ᠢ ᠡᠯᠴᠢ ᠪᠤᠯᠭᠠᠵᠤ᠄《 ᠬᠠᠪᠤᠯ ᠬᠠᠭᠠᠨ᠎ᠤ ᠳᠣᠯᠤᠭᠠᠨ ᠬᠦᠪᠡᠭᠦᠨ᠎ᠦ ᠳᠣᠮᠳᠠᠬᠢ ᠬᠤᠲᠠᠯᠠ᠎ᠳᠤ᠂ ᠮᠢᠨᠤ ᠠᠷᠪᠠᠨ ᠬᠦᠪᠡᠭᠦᠨ᠎ᠦ ᠳᠤᠮᠳᠠᠬᠢ ᠬᠠᠳᠠᠭᠠᠨ ᠲᠠᠢᠵᠢ᠎ᠳᠤ ᠴᠢ ᠣᠴᠢᠵᠤ ᠬᠡᠯᠡ᠃ ᠬᠠᠮᠤᠭ᠎ᠤᠨ ᠬᠠᠭᠠᠨ᠂ ᠤᠯᠤᠰ᠎ᠤᠨ ᠡᠵᠡᠨ ᠪᠠᠢᠲᠠᠯ᠎ᠠ᠂ ᠦᠬᠢᠨ᠎ᠢᠶᠡᠨ ᠥᠪᠡᠷ᠎ᠢᠶᠡᠨ ᠥᠳᠡᠵᠦ ᠬᠦᠷᠭᠡᠬᠦ᠎ᠶᠢ ᠨᠠᠳᠠ᠎ᠪᠠᠷ ᠴᠡᠭᠡᠷ ᠪᠣᠯᠭᠠᠭᠲᠤᠨ! ᠪᠢ ᠲᠠᠲ᠋ᠠᠷ ᠠᠢᠮᠠᠭ᠎ᠲᠤ ᠪᠠᠷᠢᠭ᠍ᠳᠠᠪᠠ᠃ ᠲᠠᠪᠤᠨ ᠬᠤᠷᠤᠭᠤᠨ᠎ᠤ ᠬᠢᠮᠤᠰᠤ᠎ᠶᠢ ᠲᠡᠮᠲᠦᠷᠡᠲᠡᠯ᠎ᠡ᠂ ᠠᠷᠪᠠᠨ ᠬᠣᠷᠤᠭᠤ᠎ᠪᠠᠨ ᠪᠠᠷᠠᠭᠳᠠᠲᠠᠯ᠎ᠠ ᠮᠢᠨᠤ ᠦᠰᠢᠶ᠎ᠡ᠎ᠶᠢ ᠠᠪᠬᠤ᠎ᠶᠢ ᠣᠷᠤᠯᠳᠤᠭᠲᠤᠨ》 ᠭᠡᠵᠦ ᠬᠡᠯᠡᠪᠡ᠃

(0)
上一篇 2026年8月18日 下午4:13
下一篇 2026年8月18日 下午4:19

相关推荐

发表回复

登录后才能评论
返回顶部