《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ
56᠂ ᠲᠡᠭᠦᠨ᠎ᠢ ᠭᠤᠷᠪᠠᠭᠤᠯᠠ ᠬᠣᠢᠨ᠎ᠠ᠎ᠠᠴᠠ ᠨᠡᠬᠡᠵᠦ ᠳᠣᠯᠤᠭᠠᠨ ᠳᠠᠪᠠᠭ᠎ᠠ ᠳᠠᠪᠠᠲᠠᠯ᠎ᠠ ᠬᠥᠭᠡᠭᠡᠵᠦ ᠣᠷᠬᠢᠭᠠᠳ᠂ ᠥᠭᠡᠯᠦᠨ ᠦᠵᠢ᠎ᠨᠢ ᠠᠪᠴᠤ ᠶᠢᠰᠦᠭᠡᠢ ᠪᠠᠭᠠᠲᠤᠷ ᠵᠢᠯᠤᠭᠤᠳᠤᠨ ᠬᠥᠲᠦᠯᠵᠦ᠂ ᠠᠬ᠎ᠠ ᠨᠡᠬᠦᠨ ᠲᠠᠢᠵᠢ ᠲᠡᠷᠢᠭᠦᠯᠡᠵᠦ᠂ ᠳᠠᠭᠦᠦ ᠲᠠᠷᠢᠳᠠᠢ ᠤᠳᠴᠢᠬᠢᠨ ᠬᠠᠵᠠᠭᠤ᠎ᠳᠤ ᠳᠠᠭᠠᠵᠤ ᠶᠠᠪᠤᠪᠠ᠃ ᠡᠭᠦᠨ᠎ᠳᠦ ᠥᠭᠡᠯᠦᠨ ᠦᠵᠢᠨ᠄《 ᠮᠢᠨᠤ ᠡᠷ᠎ᠡ ᠴᠢᠯᠡ᠎ᠲᠦ \ ᠰᠡᠷᠢᠭᠦᠨ ᠰᠠᠯᠬᠢᠨ᠎ᠳᠤ \ ᠰᠡᠪᠡᠯᠭᠡ ᠦᠰᠦ᠎ᠪᠡᠨ ᠬᠡᠢᠰᠭᠡᠵᠦ \ ᠬᠡᠭᠡᠷ᠎ᠡ ᠬᠦᠳᠡᠭᠡ \ ᠭᠡᠳᠡᠰᠦ᠎ᠪᠡᠨ ᠥᠯᠦᠰᠭᠡᠵᠦ ᠶᠠᠭᠠᠬᠢᠨ ᠵᠣᠪᠠᠬᠤ ᠪᠣᠯᠪᠠ᠃ ᠡᠳᠦᠭᠡ ᠪᠢ ᠬᠣᠶᠠᠷ ᠰᠡᠪᠡᠯᠭᠡ ᠦᠰᠦ᠎ᠪᠡᠨ ᠬᠣᠢᠰᠢ ᠤᠷᠤᠭ᠍ᠰᠢ ᠤᠨᠵᠢᠭᠤᠯᠵᠤ ᠶᠠᠭᠠᠬᠢᠨ ᠶᠠᠪᠤᠨ᠎ᠠ》 ᠭᠡᠵᠦ ᠤᠨᠤᠨ ᠮᠦᠷᠡᠨ᠎ᠢ ᠳᠣᠯᠭᠢᠯᠠᠲᠠᠯᠠ᠂ ᠣᠢ ᠰᠢᠭᠤᠢ᠎ᠶᠢ ᠭᠠᠩᠬᠤᠲᠠᠯ᠎ᠠ ᠶᠡᠬᠡ ᠳᠠᠭᠤᠨ᠎ᠢᠶᠠᠷ ᠤᠬᠢᠯᠠᠬᠤ᠎ᠳᠤ ᠲᠠᠷᠢᠳᠠᠢ ᠤᠳᠴᠢᠬᠢᠨ ᠬᠠᠵᠠᠭᠤᠨᠠᠴᠠ᠄《 ᠳᠡᠪᠡᠷᠢᠬᠦ ᠬᠠᠢᠷᠠᠲᠤ ᠡᠷ᠎ᠡ ᠴᠢᠨᠢ \ ᠳᠡᠷᠲᠡᠭᠡ ᠳᠠᠪᠠᠭ᠎ᠠ᠎ᠶᠢ ᠳᠠᠪᠠᠪᠠ᠃ ᠤᠬᠢᠯᠠᠨ ᠰᠠᠨᠠᠬᠤ ᠡᠷ᠎ᠡ ᠴᠢᠨᠢ ᠤᠰᠤ ᠣᠯᠠᠨ᠎ᠢ ᠭᠡᠲᠦᠯᠪᠡ᠃ ᠬᠠᠢᠯᠠᠵᠤ ᠤᠬᠢᠯᠠᠪᠠᠴᠤ ᠬᠠᠷᠠᠵᠤ ᠴᠢᠮᠠᠶ᠋ᠢ ᠦᠵᠡᠬᠦ ᠦᠭᠡᠢ᠃ \ ᠬᠠᠢᠵᠤ ᠡᠷᠢᠪᠡᠴᠦ \ ᠬᠠᠭᠠᠯᠭ᠎ᠠ ᠵᠠᠮ ᠠᠨ᠎ᠤ ᠣᠯᠳᠠᠬᠤ ᠦᠭᠡᠢ᠃ \ ᠳᠤᠭᠤᠢ ᠪᠠᠢ》 ᠭᠡᠵᠦ ᠢᠳᠬᠠᠪᠠ᠃ ᠦᠭᠡᠯᠦᠨ ᠦᠵᠢ᠎ᠨᠢ ᠶᠢᠰᠦᠭᠡᠢ ᠪᠠᠭᠠᠲᠤᠷ ᠴᠢᠩᠬᠢᠭᠡᠳ ᠭᠡᠷ᠎ᠲᠦ᠎ᠪᠡᠨ ᠠᠪᠴᠢᠷᠠᠵᠤ ᠭᠡᠷᠭᠡᠢ ᠪᠣᠯᠭᠠᠪᠠ᠃ ᠥᠭᠡᠯᠦᠨ ᠦᠵᠢ᠎ᠨᠢ ᠶᠢᠰᠦᠭᠡᠢ ᠪᠠᠭᠠᠲᠤᠷ᠎ᠤᠨ ᠠᠪᠴᠢᠷᠠᠭᠰᠠᠨ ᠶᠤᠰᠤᠨ ᠡᠢᠮᠦ᠃