ᠮᠣᠩᠭᠣᠯ᠎ᠤᠨ ᠨᠢᠭᠤᠴᠠ ᠲᠣᠪᠴᠢᠶᠠᠨ — 40

《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ

40᠂ ᠲᠡᠷᠡ ᠵᠢᠷᠮᠦᠰᠦᠨ ᠡᠮ᠎ᠡ᠂ ᠪᠣᠳᠠᠨᠴᠠᠷ᠎ᠲᠤ ᠢᠷᠡᠵᠤ ᠬᠦᠪᠡᠭᠦᠨ ᠲᠥᠷᠦᠪᠡ᠃ ᠲᠡᠭᠦᠨ᠎ᠢ ᠬᠠᠷᠢ ᠣᠪᠤᠭ᠎ᠤᠨ ᠬᠦᠪᠡᠭᠦᠨ ᠭᠡᠵᠦ ᠵᠠᠵᠢᠷᠠᠲᠠᠢ ᠭᠡᠵᠦ ᠨᠡᠷᠡᠢᠳᠪᠡ᠃ ᠵᠠᠳᠠᠷᠠᠨ᠎ᠤ ᠡᠪᠦᠭᠡ ᠲᠡᠷᠡ ᠪᠣᠯᠪᠠ᠃ ᠲᠡᠷᠡ ᠵᠠᠵᠢᠷᠠᠲᠠᠢ᠎ᠶᠢᠨ ᠬᠦᠪᠡᠭᠦᠨ ᠲᠣᠭᠣᠲᠠᠢ᠎ᠶᠢᠨ ᠬᠦᠪᠡᠭᠦᠨ ᠪᠣᠷᠢᠪᠣᠯᠴᠢᠷᠤ᠃ ᠪᠣᠷᠢᠪᠣᠯᠴᠢᠷᠤ᠎ᠶᠢᠨ ᠬᠦᠪᠡᠭᠦᠨ ᠬᠠᠷ᠎ᠠ ᠬᠠᠳᠠᠭᠠᠨ᠃ ᠬᠠᠷ᠎ᠠ ᠬᠠᠳᠠᠭᠠᠨ᠎ᠤ ᠬᠦᠪᠡᠭᠦᠨ ᠵᠠᠮᠤᠬ᠎ᠠ ᠪᠢᠯᠡ᠃ ᠵᠠᠳᠠᠷᠠᠨ ( ᠵᠠᠳᠠ ᠨᠢ ᠬᠠᠷᠢ᠂ ᠪᠣᠰᠣᠳ ᠭᠡᠰᠡᠨ ᠦᠭᠡ ᠪᠣᠯᠣᠨ᠎ᠠ) ᠣᠪᠤᠭᠲᠠᠨ ᠲᠡᠳᠡ ᠪᠣᠯᠪᠠ᠃

(0)

相关推荐

发表回复

登录后才能评论
返回顶部