《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ
90᠂ ᠨᠢᠭᠡᠨ ᠡᠳᠦᠷ ᠭᠡᠷ᠎ᠦᠨ ᠳᠡᠷᠭᠡᠲᠡ ᠪᠠᠢᠭ᠎ᠠ ᠨᠠᠢ᠍ᠮᠠᠨ ᠰᠢᠷᠭ᠎ᠠ ᠠᠭᠲᠠ᠎ᠶᠢ ᠳᠡᠭᠡᠷᠡᠮ ᠢᠷᠡᠵᠦ ᠨᠢᠳᠦᠨ ᠦᠵᠡᠲᠡᠯ᠎ᠡ ᠳᠡᠭᠡᠷᠡᠮᠳᠡᠵᠦ ᠠᠪᠠᠴᠢᠬᠤ᠎ᠳᠤ ᠲᠡᠮᠦᠵᠢᠨ ᠨᠠᠷ ᠶᠠᠪᠠᠭᠠᠨ ᠲᠤᠯᠠ ᠬᠠᠷᠠᠭᠰᠠᠭᠠᠷ ᠬᠣᠴᠤᠷᠪᠠ᠃ ᠪᠡᠯᠭᠦᠳᠡᠢ᠂ ᠣᠭᠤᠲᠤᠷ ᠬᠣᠩᠭᠣᠷ ᠮᠣᠷᠢ᠎ᠶᠢ ᠣᠨᠤᠵᠤ ᠲᠠᠷᠪᠠᠭ᠎ᠠ ᠠᠩᠨᠠᠬᠤ᠎ᠪᠠᠷ ᠶᠠᠪᠤᠭᠰᠠᠨ ᠪᠢᠯᠡ᠃ ᠦᠳᠡᠰᠢ ᠨᠠᠷᠠᠨ ᠰᠢᠩᠭᠡᠭᠰᠡᠨᠦ ᠬᠣᠢᠨ᠎ᠠ ᠣᠭᠤᠲᠤᠷ ᠬᠣᠩᠭᠣᠷ ᠮᠣᠷᠢ᠎ᠶᠢ ᠤᠨᠤᠵᠤ ᠲᠠᠷᠪᠠᠭ᠎ᠠ ᠠᠩᠨᠠᠬᠤ᠎ᠪᠠᠷ ᠶᠠᠪᠤᠭᠰᠠᠨ ᠪᠢᠯᠡ᠃ ᠦᠳᠡᠰᠢ ᠨᠠᠷᠠᠨ ᠰᠢᠩᠭᠡᠭᠰᠡᠨᠦ ᠬᠣᠢᠨ᠎ᠠ ᠣᠭᠣᠳᠤᠷ ᠬᠣᠩᠭᠣᠷ ᠮᠣᠷᠢᠨ᠎ᠳᠠᠭᠠᠨ ᠲᠠᠷᠪᠠᠭᠠᠨᠤᠭᠤᠳᠢ ᠳᠠᠭᠠᠭᠠᠵᠤ ᠶᠠᠳᠠᠲᠠᠯ᠎ᠠ ᠠᠴᠢᠵᠤ ᠶᠠᠪᠠᠭᠠᠨ ᠬᠦᠳᠦᠯᠵᠦ ᠢᠷᠡᠪᠡ᠃ 《 ᠰᠢᠷᠭ᠎ᠠ ᠠᠭᠲᠠᠨᠤᠭᠤᠳᠢ ᠳᠠᠭᠡᠷᠡᠮ ᠠᠪᠠᠴᠢᠪᠠ 》 ᠭᠡᠰᠡᠨ᠎ᠳᠦ ᠪᠡᠯᠭᠦᠳᠡᠢ ᠄ 《 ᠪᠢ ᠨᠡᠬᠡᠶ᠎ᠡ 》 ᠭᠡᠪᠡ᠃ ᠬᠠᠰᠠᠷ ᠄ 《 ᠴᠢ ᠴᠢᠳᠡᠬᠤ ᠦᠭᠡᠢ᠂ ᠪᠢ ᠨᠡᠬᠡᠶ᠎ᠡ 》 ᠭᠡᠪᠡ᠃ ᠲᠡᠮᠦᠵᠢᠨ ᠄ 《 ᠲᠠ ᠨᠠᠷ ᠴᠢᠳᠡᠬᠤ ᠦᠭᠡᠢ᠂ ᠪᠢ ᠨᠡᠬᠡᠶ᠎ᠡ 》 ᠭᠡᠵᠤ ᠣᠭᠤᠲᠤᠷ ᠬᠣᠩᠭᠣᠷᠢ ᠤᠨᠤᠭᠠᠳ ᠰᠢᠷᠭ᠎ᠠ ᠠᠭᠲᠠ᠎ᠶᠢ ᠡᠪᠡᠰᠦᠨ᠎ᠦ ᠨᠠᠯᠤᠷᠬᠠᠢ᠎ᠪᠠᠷ ᠮᠦᠰᠬᠢᠨ ᠬᠦᠭᠡᠭᠡᠵᠦ ᠭᠤᠷᠪᠠᠨ ᠬᠣᠨᠤᠭ ᠶᠠᠪᠣᠭᠠᠳ ᠨᠢᠭᠡᠨ ᠥᠷᠯᠦᠭᠡ ᠣᠯᠠᠨ ᠠᠳᠤᠭᠤᠨ᠎ᠳᠤ ᠬᠦᠷᠪᠡᠯ᠂ ᠨᠢᠭᠡᠨ ᠭᠠᠪᠰᠢᠭᠠᠢ ᠬᠦᠪᠡᠭᠦᠨ ᠭᠡᠭᠦᠦ ᠰᠠᠭᠠᠵᠤ ᠪᠠᠢᠪᠠ᠃ ᠲᠡᠭᠦᠨ ᠲᠠᠢ ᠠᠭᠣᠯᠵᠠᠵᠤ᠂ ᠰᠢᠷᠭ᠎ᠠ ᠠᠭᠲᠠ᠎ᠪᠠᠨ ᠰᠤᠷᠠᠭᠯᠠᠪᠠᠯ᠂ ᠲᠡᠷᠡ ᠬᠦᠪᠡᠭᠦᠨ ᠄ 《 ᠡᠨᠡ ᠥᠷᠯᠦᠭᠡ ᠨᠠᠷᠠᠨ ᠤᠷᠭᠤᠬᠤ᠎ᠶᠢᠨ ᠤᠷᠢᠳ ᠨᠠᠢ᠍ᠮᠠᠨ ᠰᠢᠷᠭ᠎ᠠ ᠮᠣᠷᠢ᠎ᠶᠢ ᠡᠭᠦᠪᠡᠷ ᠬᠦᠭᠡᠭᠡᠵᠤ ᠭᠠᠷᠪᠠ᠃ ᠮᠦᠷ᠎ᠢ ᠪᠢ ᠵᠢᠭᠠᠵᠤ ᠦᠭᠭᠦᠶ᠎ᠡ 》 ᠭᠡᠳ ᠣᠭᠤᠲᠤᠷ ᠬᠣᠩᠭᠣᠷᠢ ᠲᠠᠯᠪᠢᠭᠤᠯᠵᠤ᠂ ᠤᠷᠤᠭ ᠰᠢᠩᠬᠤᠯᠠ ᠮᠣᠷᠢ᠎ᠶᠢ ᠲᠡᠮᠦᠵᠢᠨ᠎ᠳᠦ ᠤᠨᠤᠭᠤᠯᠪᠠ᠃ ᠥᠪᠡᠷ᠎ᠢᠶᠡᠨ ᠬᠤᠷᠳᠤᠨ ᠬᠤᠸᠠ ᠮᠣᠷᠢ᠎ᠶᠢ ᠤᠨᠤᠵᠤ ᠭᠡᠷ᠎ᠲᠦ᠎ᠪᠡᠨ ᠬᠠᠷᠢᠯ ᠦᠭᠡᠢ᠂ ᠨᠠᠮᠪᠤᠬᠠ ( ᠬᠥᠬᠦᠦᠷ ) ᠰᠠᠭᠤᠯᠠᠭ᠎ᠠ᠎ᠪᠠᠨ ᠬᠡᠭᠡᠷ᠎ᠡ ᠪᠣᠭᠤᠵᠤ ᠲᠠᠯᠪᠢᠪᠠ᠃ ᠴᠢᠩᠬᠢᠭᠡᠳ ᠄ 《 ᠨᠥᠬᠦᠷ ᠴᠢ ᠶᠡᠬᠡ ᠮᠣᠩᠭᠠᠨᠢᠵᠤ ᠶᠠᠪᠤᠭ᠎ᠠ ᠠᠵᠤᠭᠤ᠃ ᠡᠷ᠎ᠡ᠎ᠶᠢᠨ ᠮᠣᠩ ( ᠪᠡᠷᠬᠡᠰᠢᠶᠡᠯ ) ᠨᠢᠭᠡᠨ ᠠᠳᠠᠯᠢ ᠪᠣᠢ᠃ ᠪᠢ ᠴᠢᠮ᠎ᠠ᠎ᠳᠤ ᠨᠥᠬᠦᠷ ᠪᠣᠯᠤᠶ᠎ᠠ᠃ ᠮᠢᠨᠤ ᠡᠴᠢᠭᠡ ᠨᠠᠬᠤ ᠪᠠᠶᠠᠨ ᠭᠡᠳᠡᠭ᠃ ᠪᠢ ᠲᠡᠭᠦᠨ᠎ᠦ ᠭᠠᠭᠴᠠ ᠬᠦᠪᠡᠭᠦᠨ᠃ ᠮᠢᠨᠤ ᠨᠡᠷ᠎ᠡ ᠪᠣᠭᠤᠷᠴᠢ 》 ᠭᠡᠳ ᠬᠣᠶᠠᠭᠤᠯᠠ ᠮᠣᠷᠳᠠᠵᠤ᠂ ᠰᠢᠷᠭ᠎ᠠ ᠮᠣᠷᠢᠳᠢ ᠮᠦᠷ᠎ᠢᠶᠡᠷ ᠨᠢ ᠮᠥᠰᠬᠢᠵᠤ ᠭᠤᠷᠪᠠᠨ ᠬᠣᠨᠤᠭ ᠶᠠᠪᠤᠪᠠ᠃ ᠨᠢᠭᠡᠨ ᠦᠳᠡᠰᠢ ᠨᠠᠷᠠᠨ᠎ᠤ ᠭᠡᠷᠡᠯ ᠠᠭᠤᠯᠠ ᠲᠠᠰᠢᠵᠤ ᠪᠠᠢᠬᠤ᠎ᠳᠤ ᠨᠢᠭᠡᠨ ᠬᠦᠷᠢᠶ᠎ᠡ ᠢᠷᠭᠡᠨ᠎ᠳᠦ ᠬᠦᠷᠪᠡᠯ᠂ ᠨᠠᠢ᠍ᠮᠠᠨ ᠰᠢᠷᠭ᠎ᠠ ᠮᠣᠷᠢ ᠲᠡᠷᠡ ᠬᠦᠷᠢᠶᠡᠨ᠎ᠦ ᠵᠠᠬ᠎ᠠ᠎ᠳᠤ ᠢᠳᠡᠰᠢᠯᠡᠵᠦ ᠪᠠᠢᠪᠠ᠃ ᠲᠡᠮᠦᠵᠢᠨ ᠄ 《 ᠨᠥᠬᠦᠷ ᠴᠢ ᠡᠨᠳᠡ᠎ᠪᠡᠨ ᠪᠠᠢ᠂ ᠮᠠᠨ᠎ᠤ ᠰᠢᠷᠭ᠎ᠠ ᠮᠣᠷᠢᠳ ᠲᠡᠷᠡ ᠪᠠᠢᠨ᠎ᠠ᠃ ᠪᠢ ᠲᠡᠭᠦᠨ᠎ᠢ ᠬᠦᠭᠡᠭᠡᠵᠦ ᠢᠷᠡᠶ᠎ᠡ 》 ᠭᠡᠰᠡᠨ᠎ᠳᠦ᠂ ᠪᠣᠭᠤᠷᠴᠢ ᠄ 《 ᠪᠢ ᠴᠢᠮᠠᠳᠣ᠌ ᠨᠥᠬᠦᠷ ᠪᠣᠯᠵᠤ ᠢᠷᠡᠭᠡᠳ ᠡᠨᠳᠡ ᠶᠠᠭᠠᠬᠢᠨ ᠦᠯᠡᠳᠡᠬᠦ ᠪᠣᠢ 》 ᠭᠡᠳ ᠬᠣᠶᠠᠭᠤᠯᠠ ᠬᠠᠮᠲᠤ ᠲᠣᠪᠲᠤᠯᠵᠤ ᠤᠷᠤᠭᠠᠳ ᠰᠢᠷᠭ᠎ᠠ ᠮᠣᠷᠢᠳᠢ ᠬᠦᠭᠡᠭᠡᠵᠦ ᠭᠠᠷᠪᠠ᠃