《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ
2᠂ ᠪᠠᠲᠤᠴᠠᠭᠠᠨ᠎ᠤ ᠬᠦᠪᠡᠭᠦᠨ ᠲᠡᠮᠡᠴᠡ᠂ ᠲᠡᠮᠡᠴᠡ᠎ᠶᠢᠨ ᠬᠥᠪᠡᠭᠦᠨ ᠬᠣᠷᠢᠴᠠᠷ ᠮᠡᠷᠭᠡᠨ᠂ ᠬᠣᠷᠢᠴᠠᠷ ᠮᠡᠷᠭᠡᠨᠦ ᠬᠥᠪᠡᠭᠦᠨ ᠠᠭᠤᠵᠢᠮ ᠪᠤᠭᠤᠷᠤᠯ᠂ ᠠᠭᠤᠵᠢᠮ ᠪᠤᠭᠤᠷᠤᠯ᠎ᠤᠨ ᠬᠦᠪᠡᠭᠦᠨ ᠰᠠᠯ᠎ᠢ ᠬᠠᠴᠠᠤ᠂ ᠰᠠᠯ᠎ᠢ ᠬᠠᠴᠠᠤᠶᠢᠨ ᠬᠥᠪᠡᠭᠦᠨ ᠶᠡᠬᠡ ᠨᠢᠳᠦᠨ᠂ ᠶᠡᠬᠡ ᠨᠢᠳᠦᠨ᠎ᠦ ᠬᠦᠪᠡᠭᠦᠨ ᠰᠡᠮ ᠰᠣᠴᠢ᠂ ᠰᠡᠮ ᠰᠣᠴᠢ᠎ᠶᠢᠨ ᠬᠦᠪᠡᠭᠦᠨ ᠬᠠᠷᠴᠤ᠃