《 ᠮᠣᠩᠭᠣᠯ᠎ᠤᠨ ᠨᠢᠭᠤᠴᠠ ᠲᠣᠪᠴᠢᠶᠠᠨ》
ᠬᠣᠶᠠᠳᠤᠭᠠᠷ ᠪᠦᠯᠦᠭ᠂ ᠴᠢᠩᠬᠢᠰ᠎ᠦᠨ ᠢᠳᠡᠷ ᠨᠠᠰᠤ
69᠂ ᠮᠡᠩᠯᠢᠭ᠂ ᠶᠢᠰᠦᠭᠡᠢ ᠪᠠᠭᠠᠲᠤᠷ᠎ᠤᠨ ᠦᠭᠡ᠎ᠶᠢ ᠳᠠᠭᠠᠵᠤ᠂ ᠳ᠋ᠠᠢ ᠰᠡᠴᠡᠨᠳᠦ ᠣᠴᠢᠭᠠᠳ᠄《 ᠶᠢᠰᠦᠭᠡᠢ ᠠᠬ᠎ᠠ᠂ ᠲᠡᠮᠦᠵᠢᠨ᠎ᠢ ᠮᠠᠰᠢ ᠮᠥᠷᠦᠭᠡᠳᠴᠦ ᠥᠷᠥ᠍᠎ᠪᠡᠨ ᠡᠪᠡᠳᠬᠦ ᠲᠤᠯᠠ ᠲᠡᠮᠦᠵᠢᠨ᠎ᠢ ᠠᠪᠬᠤ᠎ᠪᠠᠷ ᠢᠷᠡᠪᠡ》 ᠭᠡᠪᠡᠯ᠂ ᠳ᠋ᠠᠢ ᠰᠡᠴᠡᠨ ᠄ 《 ᠬᠤᠳᠠ᠂ ᠬᠦᠪᠡᠭᠦᠨ᠎ᠢᠶᠡᠨ ᠮᠥᠷᠦᠭᠡᠳᠬᠦ ᠪᠣᠯ ᠶᠠᠪᠤᠭᠤᠯᠤᠶ᠎ᠠ᠃ ᠬᠠᠷᠢᠨ ᠤᠳᠠᠯ ᠦᠭᠡᠢ ᠭᠡᠳᠡᠷᠭᠦ ᠢᠷᠡᠭᠦᠯᠬᠦ ᠬᠡᠷᠡᠭᠲᠡᠢ》 ᠭᠡᠪᠡ᠃ ᠡᠨᠡ ᠦᠭᠡ᠎ᠶᠢ ᠰᠣᠨᠤᠰᠴᠤ ᠮᠡᠩᠯᠢᠭ ᠡᠴᠢᠭᠡ᠂ ᠲᠡᠮᠦᠵᠢᠨ᠎ᠢ ᠠᠪᠴᠤ ᠢᠷᠡᠪᠡ᠃