ᠪᠢ ᠮᠣᠩᠭᠣᠯ ᠬᠦᠮᠦᠨ
– ᠴ᠂ ᠴᠢᠮᠡᠳ
ᠠᠷᠭᠠᠯ᠎ᠤᠨ ᠤᠲᠤᠭ᠎ᠠ ᠪᠣᠷᠭᠢᠯᠤᠭᠰᠠᠨ
ᠮᠠᠯᠴᠢᠨ᠎ᠤ ᠭᠡᠷ᠎ᠲᠦ ᠲᠥᠷᠦᠭᠰᠡᠨ ᠪᠢ
ᠠᠲᠠᠷ ᠬᠡᠭᠡᠷ᠎ᠡ ᠨᠤᠲᠤᠭ᠎ᠢᠶᠠᠨ
ᠥᠯᠦᠭᠡᠢ ᠮᠢᠨᠢ ᠭᠡᠵᠤ ᠪᠣᠳᠤᠳᠠᠭ᠃
ᠴᠡᠩᠬᠡᠷ ᠮᠠᠨᠠᠨ ᠰᠤᠭᠤᠨᠠᠭᠯᠠᠭᠰᠠᠨ
ᠠᠯᠤᠰ᠎ᠤᠨ ᠪᠠᠷ᠎ᠠ᠎ᠶᠢ ᠰᠢᠷᠲᠡᠭᠡᠳ
ᠴᠡᠯᠡᠭᠡᠷ ᠰᠠᠢᠬᠠᠨ ᠨᠤᠲᠤᠭ᠎ᠢᠶᠠᠨ
ᠰᠡᠳᠬᠢᠯ ᠪᠠᠬᠠᠳᠤᠨ ᠬᠠᠷᠠᠬᠤ᠎ᠳᠤ
ᠦᠯᠢᠶᠡᠵᠤ ᠪᠠᠢᠭ᠎ᠠ ᠰᠠᠯᠬᠢ ᠨᠢ
ᠦᠨᠦᠰᠦᠭᠡᠳ ᠪᠠᠢᠭ᠎ᠠ ᠴᠤ᠌ ᠶᠤᠮ ᠰᠢᠭ᠋
ᠦᠷᠦᠰᠢᠶᠡᠯᠲᠦ ᠡᠵᠢ᠎ᠶᠢᠨ ᠮᠢᠨᠢ ᠭᠠᠷ
ᠢᠯᠪᠢᠭᠡᠳ ᠪᠠᠢᠭ᠎ᠠ ᠴᠤ᠌ ᠶᠤᠮ ᠰᠢᠭ᠋
ᠡᠨᠡᠷᠢᠩᠭᠦᠢ ᠰᠠᠢᠬᠠᠨ ᠰᠠᠨᠠᠭᠳᠠᠬᠤ᠎ᠳᠤ
ᠡᠯᠢᠭᠡ ᠵᠢᠷᠦᠬᠡ ᠮᠢᠨᠢ ᠳᠤᠭᠳᠤᠯᠠᠵᠤ
ᠬᠤᠤᠰ ᠦᠭᠡᠢ ᠪᠠᠶᠠᠷ᠎ᠤᠨ ᠨᠢᠯᠪᠣᠰᠤ
ᠬᠣᠶᠠᠷ ᠨᠢᠳᠦ᠎ᠶᠢ ᠮᠢᠨᠢ ᠪᠥᠷᠬᠦᠳᠡᠭ᠃
ᠥᠷᠭᠡᠨ ᠰᠠᠢᠬᠠᠨ ᠨᠤᠲᠤᠭ᠎ᠤᠨ᠎ᠢᠶᠠᠨ
ᠡᠪᠴᠢᠭᠦᠨ ᠳᠡᠭᠡᠷ᠎ᠡ ᠨᠢ ᠲᠥᠷᠦᠭᠡᠳ
ᠦᠨᠢᠷ ᠠᠭᠤᠳᠠᠮ ᠲᠠᠯ᠎ᠠ᠎ᠶᠢᠨ᠎ᠢᠶᠡᠨ
ᠥᠩᠭᠡᠲᠦ ᠠᠮᠢᠳᠤᠷᠠᠯ᠎ᠤᠨ ᠲᠦᠯᠦᠭᠡ
ᠠᠮᠢ ᠪᠠᠶ᠎ᠡ᠎ᠪᠠᠨ ᠵᠤᠷᠢᠭᠤᠯᠳᠠᠭ
ᠠᠷᠢᠭᠤᠨ ᠨᠠᠨᠳᠢᠨ ᠵᠠᠩᠰᠢᠯ ᠲᠠᠢ
ᠡᠪᠦᠭᠡᠳ ᠬᠦᠭᠰᠢᠳ ᠳᠡᠭᠡᠳᠦᠰ᠎ᠦᠨ ᠮᠢᠨᠢ
ᠦᠷ᠎ᠡ᠎ᠪᠡᠨ ᠭᠡᠵᠦ ᠨᠠᠢᠳᠠᠭᠠᠳ
ᠦᠯᠡᠳᠡᠭᠡᠵᠤ ᠨᠠᠳᠠ᠎ᠳᠤ ᠥᠭᠭᠦᠭᠰᠡᠨ
ᠦᠨᠢᠷ ᠮᠣᠩᠭᠣᠯ ᠣᠷᠤᠨ᠎ᠤ
ᠨᠠᠷᠠ ᠨᠢ ᠨᠠᠮᠠᠶ᠋ᠢ ᠭᠡᠢᠭᠦᠯᠵᠤ
ᠨᠠᠷᠢᠨ ᠰᠠᠯᠬᠢ ᠨᠢ ᠦᠯᠢᠶᠡᠵᠤ
ᠨᠠᠮᠢᠷᠠᠭ᠎ᠠ ᠬᠤᠷ᠎ᠠ ᠨᠢ ᠲᠡᠵᠢᠭᠡᠵᠤ
ᠨᠠᠢᠷᠠᠮᠲᠠᠢ ᠰᠠᠢᠬᠠᠨ ᠣᠷᠤᠨ ᠮᠢᠨᠢ
ᠨᠠᠳᠠ ᠲᠠᠢ ᠬᠣᠪᠢ ᠨᠢᠭᠡ ᠪᠠᠢᠳᠠᠭ ᠲᠤᠯᠠ
ᠤᠨᠠᠭᠰᠠᠨ ᠡᠨᠡ ᠨᠤᠲᠤᠭ᠎ᠢᠶᠠᠨ ᠪᠢ
ᠥᠪᠡᠷ᠎ᠦᠨ ᠪᠡᠶ᠎ᠡ ᠰᠢᠭ᠌ ᠬᠠᠢᠷᠠᠯᠠᠵᠤ
ᠤᠭᠢᠶᠠᠭᠰᠠᠨ ᠲᠤᠩᠭᠠᠯᠠᠭ ᠮᠥᠷᠡᠨ᠎ᠢᠶᠡᠨ ᠪᠢ
ᠡᠬᠡ᠎ᠶᠢᠨ ᠰᠦ ᠰᠢᠭ᠌ ᠰᠠᠨᠠᠳᠠᠭ᠃
ᠡᠨᠡ ᠨᠤᠲᠤᠭ᠎ᠲᠠᠭᠠᠨ ᠪᠢ ᠡᠵᠡᠨ ᠨᠢ ᠶᠤᠮ᠃
ᠡᠩᠭᠦᠷᠠᠢᠯᠠᠯ ᠳ᠋ᠤᠨᠢ ᠥᠰᠦᠭᠰᠡᠨ ᠬᠦᠦ ᠨᠢ ᠶᠤᠮ᠃
ᠢᠷᠡᠭᠡᠳᠦᠢ᠎ᠳᠦ ᠲᠥᠮᠡᠨ ᠲᠠᠢ᠎ᠪᠠᠨ ᠪᠣᠰᠬᠠᠯᠴᠠᠬᠤ
ᠶᠡᠬᠡ ᠡᠬᠦᠷᠭᠡ᠎ᠶᠢ ᠬᠦᠯᠢᠶᠡᠭᠰᠡᠨ ᠶᠤᠮ᠃
ᠬᠡᠷᠪᠡ ᠬᠦᠮᠦᠨ ᠡᠬᠡ ᠣᠷᠤᠨ᠎ᠢᠶᠠᠨ
ᠬᠠᠮᠤᠭ᠎ᠠᠴᠠ ᠦᠨ᠎ᠡ᠎ᠲᠠᠢ ᠭᠡᠳᠡᠭ ᠪᠣᠯ
ᠬᠡᠭᠡᠷ᠎ᠡ ᠲᠠᠯ᠎ᠠ ᠨᠤᠲᠤᠭ᠎ᠢᠶᠠᠨ
ᠶᠠᠭᠤᠨ᠎ᠠᠴᠠ ᠴᠤ᠌ ᠢᠯᠡᠬᠦᠦ ᠰᠠᠨᠠᠳᠠᠭ ᠪᠣᠯ
ᠠᠵᠢᠯᠯᠠᠬᠤ ᠬᠥᠳᠡᠯᠬᠦ ᠪᠦᠷᠢ᠎ᠳᠡᠭᠡᠨ
ᠠᠯᠬᠤᠵᠤ ᠬᠢᠰᠬᠢᠬᠦ ᠪᠣᠯᠭᠠᠨ᠎ᠳᠠᠭᠠᠨ
ᠠᠤᠭ᠎ᠠ ᠣᠷᠤᠨ᠎ᠤ᠎ᠪᠠᠨ ᠲᠥᠯᠦᠭᠡ ᠪᠣᠯ
ᠠᠯᠲᠠᠨ ᠰᠢᠷᠤᠢ ᠤᠷᠤᠭᠤ᠎ᠪᠠᠨ ᠲᠠᠭᠠᠷᠢᠭ᠍ᠰᠠᠨ
ᠠᠲᠠᠭᠠᠲᠠᠨᠤ ᠬᠣᠣᠷᠠᠲᠤ ᠰᠤᠮᠤ᠎ᠶᠢ
ᠠᠶᠤᠰᠢ ᠰᠢᠭ᠋ᠴᠡᠭᠡᠵᠢᠪᠡᠷᠢᠶᠡᠨ ᠲᠠᠭᠯᠠᠬᠤ
ᠠᠮᠢ᠎ᠪᠡᠨ ᠥᠭᠬᠦ᠎ᠡᠴᠡ ᠪᠣᠴᠠᠳᠠᠭ ᠦᠭᠡᠢ ᠪᠣᠯ
ᠡᠨᠡ ᠬᠦᠮᠦᠨ ᠮᠣᠩᠭᠣᠯ ᠬᠦᠮᠦᠨ᠃
ᠡᠬᠡ ᠣᠷᠤᠨ᠎ᠳᠠᠭᠠᠨ ᠬᠠᠢᠷᠠᠲᠠᠢ ᠬᠦᠮᠦᠨ᠃
ᠡᠨᠡ ᠬᠠᠢᠷ᠎ᠠ ᠨᠢ ᠮᠣᠩᠭᠤᠯᠴᠤᠳ᠎ᠲᠤ
ᠡᠷᠲᠡᠨ᠎ᠡᠴᠡ ᠬᠡᠪᠰᠢᠭᠰᠡᠨ ᠬᠠᠢᠷ᠎ᠠ ᠭᠡᠨ᠎ᠡ᠃
ᠪᠢ ᠮᠣᠩᠭᠣᠯ ᠬᠦᠮᠦᠨ ᠪᠣᠯᠬᠤᠷ
ᠪᠢᠨᠳᠠᠷᠢᠶ᠎ᠠ ᠨᠤᠲᠤᠭ᠎ᠤᠨ᠎ᠢᠶᠠᠨ ᠲᠥᠯᠦᠭᠡ
ᠠᠮᠢ ᠪᠡᠶ᠎ᠡ᠂ ᠪᠦᠬᠦ ᠨᠠᠰᠤ᠎ᠪᠠᠨ
ᠠᠪᠴᠤ ᠪᠠᠢᠭ᠎ᠠ ᠠᠮᠢᠰᠬᠤᠭ᠎ᠠ᠎ᠪᠠᠨ
ᠣᠷᠭᠢᠯᠠᠵᠤ ᠪᠠᠢᠭ᠎ᠠ ᠵᠤᠷᠢᠭ᠋᠎ᠢᠶᠠᠨ
ᠠᠯᠢ᠎ᠶᠢ ᠨᠢ ᠴᠤ᠌ ᠬᠠᠢᠷᠠᠯᠠᠯ ᠦᠭᠡᠢ ᠵᠣᠷᠠᠭᠤᠯᠳᠠᠭ᠃
ᠲᠥᠷᠦᠯᠬᠢ ᠨᠤᠲᠤᠭ᠎ᠢᠶᠠᠨ ᠭᠡᠢᠭᠦᠯᠦᠭᠰᠡᠨ
ᠨᠠᠷᠠᠨ᠎ᠤ ᠲᠤᠶᠠᠭᠠᠨ᠎ᠳᠤ ᠬᠠᠢᠷᠠᠲᠠᠢ ᠪᠢ᠂
ᠲᠥᠪᠰᠢᠨ ᠲᠠᠯ᠎ᠠ᠎ᠳᠠᠭᠠᠨ ᠴᠤᠤᠷᠢᠶᠠᠲᠤᠭᠰᠠᠨ
ᠡᠭᠡᠰᠢᠭᠲᠦ ᠳᠠᠭᠤᠤ᠎ᠳᠤ ᠳᠤᠷᠠᠲᠠᠢ ᠪᠢ᠂
ᠬᠠᠨᠠᠭᠠᠷ ᠴᠢᠯᠦᠭᠡᠲᠦ ᠨᠤᠲᠤᠭ᠎ᠢᠶᠠᠨ
ᠬᠠᠷᠠᠬᠤ ᠲᠣᠰᠤᠮ᠎ᠢᠶᠠᠨ ᠪᠠᠶᠠᠰᠴᠤ ᠪᠠᠢᠨ᠎ᠠ᠃
ᠬᠠᠯᠠᠭᠤᠨ ᠠᠮᠢ᠎ᠪᠠᠨ ᠬᠠᠢᠷᠠᠯᠠᠬᠤ ᠦᠭᠡᠢ
ᠵᠢᠳᠭᠦᠬᠦ ᠵᠣᠷᠢᠭ᠋ ᠨᠡᠮᠡᠭᠳᠡᠵᠦ ᠪᠠᠢᠨ᠎ᠠ᠃
赞 (0)