ᠠᠯᠲᠠᠨ ᠵᠢᠭᠠᠰᠤᠨᠤ ᠦᠯᠢᠭᠡᠷ
– ᠠ᠊ ᠂ ᠰ ᠂ ᠫᠦᠱᠺᠢᠨ
ᠬᠥᠷᠦᠰᠦᠲᠦ ᠠᠯᠲᠠ ᠳᠡᠯᠡᠭᠡᠢᠶᠢᠨ
ᠬᠦᠪᠡᠭᠡ ᠬᠢᠵᠠᠭᠠᠷ ᠨᠤᠲᠤᠭᠲᠤ
ᠬᠦᠬᠡ ᠴᠡᠩᠬᠡᠷ ᠳᠠᠯᠠᠢᠶᠢᠨ
ᠡᠷᠭᠢ ᠢᠷᠮᠡᠭ ᠭᠠᠵᠠᠷᠲᠤ
ᠡᠷᠲᠡ ᠤᠷᠢᠳᠤ ᠴᠠᠭᠲᠤ
ᠡᠮᠡᠭᠡᠨ ᠡᠪᠦᠭᠡᠨ ᠬᠣᠶᠠᠷ
ᠠᠢᠯ ᠪᠣᠯᠤᠨ ᠠᠮᠢᠳᠤᠷᠠᠵᠤ
ᠠᠵᠤ ᠲᠥᠷᠦᠨ ᠰᠠᠭᠤᠵᠠᠢ᠃
ᠬᠠᠷᠠ ᠤᠰᠤᠨ ᠣᠮᠳᠠ ᠲᠠᠢ
ᠬᠠᠳᠠ ᠴᠢᠯᠠᠭᠤᠨ ᠨᠥᠮᠦᠷᠭᠡ ᠲᠠᠢ
ᠭᠠᠵᠠᠷᠤᠨ ᠠᠭᠤᠢᠳᠤ ᠬᠤᠷᠭᠤᠲᠠᠵᠤ
ᠭᠠᠯᠤᠨ ᠢᠯᠴᠢᠳᠦ ᠰᠢᠲᠠᠵᠤ
ᠭᠤᠴᠢᠨ ᠵᠢᠯ ᠲᠡᠨᠦᠵᠦ
ᠳᠥᠴᠢᠨ ᠵᠢᠯ ᠰᠠᠭᠤᠪᠠ᠃
ᠡᠪᠦᠭᠡᠨ ᠨᠢ ᠵᠢᠭᠠᠰᠤ ᠪᠠᠷᠢᠭᠠᠳ
ᠳᠠᠯᠠᠢᠶᠢᠨ ᠬᠦᠪᠡᠭᠡ ᠰᠠᠬᠢᠨᠠ
ᠡᠮᠡᠭᠡᠨ ᠨᠢ ᠤᠲᠠᠰᠤ ᠡᠭᠡᠷᠡᠭᠡᠳ
ᠭᠡᠷᠦᠨ ᠮᠣᠬᠤᠷ ᠰᠠᠬᠢᠨᠠ᠂
ᠡᠪᠦᠭᠡᠨ ᠨᠢᠭᠡᠨ ᠡᠳᠦᠷ
ᠳᠠᠯᠠᠢᠶᠢᠨ ᠬᠦᠪᠡᠭᠡᠨᠳᠦ ᠣᠴᠢᠵᠤ
ᠲᠣᠣᠷᠢᠶᠠᠨ ᠤᠰᠤᠨᠳᠤ ᠲᠠᠯᠪᠢᠵᠤ
ᠵᠢᠭᠠᠰᠤ ᠱᠦᠭᠦᠵᠦ ᠡᠬᠢᠯᠡᠪᠡ
ᠠᠩᠬᠠᠨᠤ ᠨᠢᠭᠡ ᠱᠦᠭᠦᠭᠰᠡᠨᠳᠦ
ᠨᠢᠯᠴᠠᠭᠠᠢ ᠵᠠᠮᠠᠭ ᠭᠠᠷᠪᠠ
ᠠᠬᠢᠭᠠᠳ ᠨᠢᠭᠡ ᠱᠦᠭᠦᠭᠰᠡᠨᠳᠦ
ᠨᠤᠢᠲᠠᠨ ᠡᠪᠡᠰᠦ ᠭᠠᠷᠪᠠ
ᠠᠳᠠᠭ ᠰᠡᠭᠦᠯᠳᠦ ᠨᠢ ᠱᠦᠭᠦᠲᠡᠯᠡ
ᠠᠯᠲᠠᠨ ᠵᠢᠭᠠᠰᠤ ᠪᠠᠷᠢᠭ᠍ᠳᠠᠪᠠ᠃
ᠠᠯᠢᠪᠠ ᠵᠢᠭᠠᠰᠤᠨᠠᠴᠠ ᠣᠨᠴᠠ
ᠠᠯᠲᠠᠨ ᠵᠢᠭᠠᠰᠤ ᠪᠣᠯᠪᠠᠯ
ᠠᠳᠤᠭᠤᠰᠤ ᠠᠮᠢᠲᠠᠨᠠᠴᠠ ᠣᠨᠴᠠ
ᠬᠥᠮᠥᠨᠦ ᠬᠡᠯᠡ ᠮᠡᠳᠡᠨᠡ
ᠠᠮᠢ ᠠᠪᠤᠷᠠ ᠡ! ᠭᠡᠵᠦ
ᠠᠯᠲᠠᠨ ᠵᠢᠭᠠᠰᠤ ᠭᠤᠶᠤᠪᠠ
ᠡᠪᠦᠭᠡᠨ ᠪᠣᠯᠤᠭᠰᠠᠨ ᠠᠬᠠ ᠮᠢᠨᠢ
ᠥᠷᠦᠰᠢᠶᠡᠵᠤ ᠬᠠᠢᠷᠠᠯᠠ ᠨᠠᠮᠠᠶ᠋ᠢ
ᠤᠷᠬᠠ ᠲᠣᠣᠷᠠᠴᠠᠪᠠᠨ ᠮᠤᠯᠲᠤᠯᠵᠤ
ᠤᠰᠤᠨᠳᠤ ᠪᠣᠴᠠᠭᠠᠵᠤ ᠲᠠᠯᠪᠢᠨᠠ ᠦᠦ?
ᠠᠮᠢ ᠪᠡᠶᠡᠶᠢᠨ ᠣᠷᠤᠨᠳᠤ