ᠳᠤᠯᠤᠢ ᠪᠠ ᠳᠤᠯᠤᠢ ᠡᠵᠡᠨ ᠰᠢᠳᠦᠭᠡᠨ᠎ᠦ ᠳᠤᠬᠠᠢ

ᠳᠤᠯᠤᠢ ᠪᠠ ᠳᠤᠯᠤᠢ ᠡᠵᠡᠨ ᠰᠢᠳᠦᠭᠡᠨ᠎ᠤ ᠳᠤᠬᠠᠢ

ᠪᠠᠶᠠᠠᠪᠠᠭᠠᠳᠤᠷ

ᠳᠤᠯᠤᠢ ᠪᠣᠯ ᠴᠢᠩᠭᠢᠰ ᠬᠠᠭᠠᠨ᠎ᠤ ᠣᠤᠠᠬᠤᠨ ᠭᠦᠪᠠᠭᠦᠨ ᠪᠦᠭᠡᠳ ᠬᠤᠪᠢᠯᠠᠢ ᠰᠠᠴᠠᠨ ᠬᠠᠭᠠᠨ᠎ᠤ ᠡᠴᠢᠭᠡ ᠪᠢᠯᠠ᠃ ᠳᠡᠦᠭᠡ ᠰᠤᠳᠤᠷ ᠳᠠᠭᠢ ᠳᠡᠮᠳᠡᠭᠯᠡᠯ᠎ᠢ ᠦᠨᠳᠦᠰᠦᠯᠠᠪᠠᠯ᠂ ᠳᠤᠯᠤᠢ ᠪᠣᠯ ᠴᠢᠩᠭᠢᠰ ᠬᠠᠭᠠᠨ᠎ᠤ ᠬᠠᠮᠤᠭ᠎ᠤᠨ ᠬᠠᠢ᠌ᠷᠠᠳᠠᠢ ᠭᠦᠪᠠᠭᠦᠨ ᠪᠠᠢ᠌ᠵᠤ᠂ ᠬᠠᠷ᠎ᠠ ᠪᠠᠭ᠎ᠠ᠎ᠠᠴᠠ ᠪᠠᠨ ᠬᠠᠭᠠᠨ ᠡᠴᠢᠭᠡ᠎ᠪᠠᠨ ᠳᠠᠭᠠᠵᠤ ᠪᠠᠷᠠᠭ᠎ᠠ ᠶᠡᠭᠡ ᠮᠠᠯᠠᠭᠠᠢ᠎ᠶᠢᠨ ᠳᠤᠤᠷ᠎ᠠ ᠰᠢᠭᠤᠳ ᠪᠣᠯᠪᠠᠰᠤᠷᠠᠯ ᠭᠦᠷᠳᠡᠭᠰᠡᠨ ᠳᠤᠯᠠ ᠮᠤᠩᠭ᠋ᠤᠯ᠎ᠤᠨ ᠳᠡᠦᠭᠡᠨ ᠳᠡᠭᠡᠷᠡᠭᠢ ᠵᠠᠰᠠᠭ ᠲᠦᠷᠦ ᠴᠡᠷᠢᠭ᠌ ᠳᠠᠢ᠌ᠨ᠎ᠳᠤ ᠴᠤᠯᠭᠤᠷᠠᠭᠰᠠᠨ ᠭᠦᠮᠤᠨ ᠪᠣᠯᠵᠠᠢ᠃ ᠳᠠᠷᠠ ᠴᠢᠩᠭᠢᠰ᠎ᠤᠨ ᠬᠠᠮᠳᠤ ᠡᠮᠦᠨᠡᠰᠢ ᠠᠯᠳᠠᠨ ᠣᠯᠤᠰ᠎ᠢ ᠳᠠᠢ᠌ᠯᠠᠵᠤ ᠪᠠᠷᠠᠭᠤᠠᠰᠢ ᠰᠠᠷᠳᠠᠭᠤᠯ᠎ᠳᠦ ᠮᠤᠷᠳᠠᠵᠤ ᠭᠠᠪᠢᠶ᠎ᠠ ᠪᠠᠢ᠌ᠭᠤᠯᠪᠠ᠃ 1227 ᠣᠨ᠎ᠤ 7 ᠰᠠᠷ᠎ᠠ᠎ᠳᠤ ᠴᠢᠩᠭᠢᠰ ᠬᠠᠭᠠᠨ ᠨᠠᠰᠤ ᠨᠥᠭᠴᠢᠭᠰᠡᠨ ᠬᠣᠢ᠌ᠨ᠎ᠠ᠂ ᠡᠴᠢᠭᠡ᠎ᠶᠢᠨ ᠶᠢᠡᠨ ᠳᠡᠷᠭᠡᠳᠡ ᠥᠷᠭᠦᠯᠵᠢ ᠭᠤᠯᠤᠮᠳᠠ᠎ᠶᠢ ᠨᠢ ᠰᠠᠭᠢᠭᠰᠠᠨ ᠣᠤᠠᠬᠤᠨ ᠭᠦᠪᠠᠭᠦᠨ ᠳᠤᠯᠤᠢ ᠮᠤᠩᠭ᠋ᠤᠯ᠎ᠤᠨ ᠵᠠᠩᠰᠢᠯ ᠶᠤᠰᠤᠭᠠᠷ ᠪᠠᠯᠪᠠᠰᠤᠷᠠᠯ᠎ᠤᠨ ᠬᠤᠭᠤᠴᠠᠭᠠᠨ᠎ᠳᠤ᠂ ᠰᠢᠨ᠎ᠡ ᠬᠠᠭᠠᠨ ᠰᠠᠭᠤᠷᠢᠨ᠎ᠳᠤ ᠰᠠᠭᠤᠬᠤ ᠡᠴᠠ ᠡᠮᠤᠨ᠎ᠡ ᠲᠦᠷᠦ᠎ᠶᠢᠨ ᠡᠷᠭᠡ᠎ᠶᠢ ᠮᠠᠳᠠᠵᠤ ᠵᠠᠰᠠᠭ ᠪᠠᠷᠢᠵᠠᠢ᠃ ᠡᠢ᠌ᠮᠤ᠎ᠡᠴᠡ ᠳᠡᠭᠦᠨ᠎ᠢ ᠳᠡᠦᠭᠡᠨ ᠳᠡᠭᠡᠷ᠎ᠡ 《ᠲᠦᠷᠦ ᠵᠠᠭᠢᠷᠤᠭᠴᠢ》 ᠬᠠᠭᠠᠨ ᠭᠡᠮᠡᠳᠡᠭ᠌᠃ 1228 ᠣᠨ᠎ᠤ ᠨᠠᠮᠤᠷ ᠳᠤᠯᠤᠢ ᠭᠡᠷᠦᠯᠤᠨ᠎ᠤ ᠭᠦᠳᠡᠭᠡ ᠠᠷᠠᠯ᠎ᠳᠤ ᠶᠡᠭᠡ ᠬᠤᠷᠠᠯᠳᠠᠢ ᠬᠤᠷᠠᠯᠳᠤᠭᠤᠯᠵᠤ᠂ ᠣᠷᠢᠳᠤ ᠴᠢᠩᠭᠢᠰ ᠬᠠᠭᠠᠨ᠎ᠤ ᠭᠡᠷᠢᠶᠡᠰᠦᠯᠡᠭᠰᠡᠨ ᠶᠤᠰᠤᠭᠠᠷ ᠠᠬ᠎ᠠ ᠥᠭᠡᠳᠡᠢ᠎ᠪᠠᠨ ᠬᠠᠭᠠᠨ ᠰᠠᠭᠤᠷᠢᠨ᠎ᠳᠤ ᠡᠷᠭᠦᠮᠵᠢᠯᠡᠵᠡᠢ᠃ ᠬᠤᠷᠠᠯ ᠳᠡᠭᠡᠷ᠎ᠡ ᠣᠯᠠᠨ ᠭᠦᠮᠦᠰ ᠳᠤᠯᠤᠢ᠎ᠶᠢ ᠬᠠᠭᠠᠨ ᠡᠷᠭᠦᠮᠵᠢᠯᠡᠭᠦ ᠭᠡᠰᠡᠨ ᠪᠦᠭᠡᠳ ᠳᠤᠭᠳᠠᠪᠣᠷᠢ ᠭᠠᠷᠴᠤ ᠳᠡᠢ᠌ᠯᠭᠦ ᠦᠭᠡᠶ ᠳᠦᠴᠢ ᠬᠤᠨᠤᠭ ᠥᠷᠭᠦᠯᠵᠢᠯᠡᠭᠰᠡᠨ ᠪᠣᠯᠪᠠᠴᠤ ᠳᠤᠯᠤᠢ᠂ ᠶ‍ᠸᠯᠢ ᠴᠦᠰᠠᠢ ᠵᠡᠷᠭᠡ ᠭᠦᠮᠦᠰ ᠴᠢᠩᠭᠢᠰ ᠬᠠᠭᠠᠨ᠎ᠤ ᠭᠡᠷᠢᠶᠡᠰ᠎ᠢ ᠵᠢᠷᠤᠮᠯᠠᠵᠤ ᠡᠴᠦᠰ ᠲᠡᠭᠡᠨ ᠮᠦᠨ ᠥᠭᠡᠳᠡᠢ᠎ᠶᠢ ᠡᠷᠭᠦᠮᠵᠢᠯᠡᠪᠡ᠃ ᠣᠷᠢᠳᠤ ᠴᠢᠩᠭᠢᠰ ᠬᠠᠭᠠᠨ ᠭᠦᠪᠠᠭᠦᠤᠨ ᠶᠢᠡᠨ ᠳᠠᠭᠤᠳᠠᠵᠤ ᠭᠡᠨ ᠶᠢᠡᠷ ᠬᠠᠭᠠᠨ ᠰᠠᠭᠤᠷᠢᠨ᠎ᠢ ᠵᠠᠯᠭᠠᠮᠵᠢᠯᠠᠭᠤᠯᠬᠤ ᠣᠴᠢᠷ᠎ᠢ ᠭᠡᠷᠢᠶᠡᠰᠦᠯᠡᠨ ᠳᠤᠭᠳᠠᠭᠠᠬᠤ ᠦᠶ᠎ᠡ᠎ᠳᠤ ᠳᠤᠯᠤᠢ᠄ 《ᠪᠢ ᠬᠠᠭᠠᠨ ᠡᠴᠢᠭᠡ᠎ᠶᠢᠨ ᠨᠡᠷᠡᠢ᠌ᠳᠦᠭᠰᠡᠨ ᠠᠬ᠎ᠠ᠎ᠶᠢᠨ ᠳᠡᠷᠭᠡᠳᠡ ᠪᠠᠢ᠌ᠵᠤ᠂ ᠮᠠᠷᠳᠠᠭᠰᠠᠨ᠎ᠢ ᠰᠠᠨᠠᠭᠤᠯᠵᠤ᠂ ᠣᠠᠳᠠᠭᠰᠠᠨ᠎ᠢ ᠰᠡᠷᠡᠭᠦᠯᠵᠤ᠂ ᠣᠨᠤᠬᠤ ᠮᠤᠷᠢ ᠳ᠋ᠤᠨᠢ ᠮᠢᠯᠠᠭ᠎ᠠ ᠪᠣᠯᠵᠤ᠂ ᠣᠷᠢᠶᠠᠯᠠᠬᠤ ᠳᠠᠭᠤᠨ ᠳ᠋ᠤᠨᠢ ᠴᠤᠤᠷᠢᠶ᠎ᠠ ᠪᠣᠯᠵᠤ᠂ ᠪᠠᠢ᠌ᠬᠤ ᠭᠠᠵᠠᠷ᠎ᠲᠤ ᠳᠤᠳᠠᠭᠳᠠᠬᠤ ᠦᠭᠡᠶ᠂ ᠪᠠᠷᠭᠢᠷᠠᠬᠤ ᠳᠠᠭᠤᠨ᠎ᠳᠤ ᠬᠤᠵᠢᠮᠳᠠᠬᠤ ᠦᠭᠡᠶ᠂ ᠠᠶᠠᠨ ᠳᠠᠢ᠌ᠨ᠎ᠳᠤ ᠶᠠᠪᠣᠯᠴᠠᠵᠤ᠂ ᠠᠯᠠᠯᠳᠤᠬᠤ ᠪᠠᠢ᠌ᠯᠳᠤᠭᠠᠨ᠎ᠳᠤ ᠬᠤᠰᠢᠭᠤᠴᠢᠯᠠᠶ᠎ᠠ》 ᠭᠡᠵᠤ ᠠᠠᠳᠠᠭᠠᠢ᠌ᠯᠠᠭᠰᠠᠨ ᠪᠦᠭᠡᠳ ᠮᠦᠨ ᠡᠨᠡ ᠶᠤᠰᠤᠭᠠᠷ ᠭᠢᠵᠤ ᠶᠠᠪᠣᠵᠠ

ᠳᠤᠯᠤᠢ᠎ᠶᠢᠨ ᠨᠠᠰᠤ ᠨᠥᠭ᠍ᠴᠢᠭᠰᠡᠨ ᠳᠤᠬᠠᠢ ᠳᠡᠦᠭᠡ᠎ᠶᠢᠨ ᠪᠢᠴᠢᠭ᠌᠎ᠲᠤ ᠨᠠᠯᠢᠶᠠᠤᠨ ᠰᠤᠨᠢᠷᠬᠠᠯᠳᠠᠢ ᠳᠡᠮᠳᠡᠭᠯᠡᠯ ᠪᠠᠢ᠌ᠳᠠᠭ᠃ 1230 ᠣᠨ᠎ᠳᠤ ᠳᠤᠯᠤᠢ ᠥᠭᠡᠳᠡᠢ ᠬᠠᠭᠠᠨ ᠪ ᠬᠠᠮᠳᠤ ᠴᠡᠷᠢᠭ᠌ ᠳᠠᠢ᠌ᠴᠢᠯᠠᠨ ᠠᠯᠳᠠᠨ ᠣᠯᠤᠰ᠎ᠲᠤ ᠮᠤᠷᠳᠠᠪᠠ᠃ ᠳᠠᠳᠠ ᠮᠠᠰᠢ ᠶᠡᠭᠡ ᠢᠯᠠᠯᠳᠠ ᠲᠡᠶ ᠣᠷᠤᠭᠰᠢᠯᠠᠵᠤ᠂ 1232 ᠣᠨ᠎ᠳᠤ ᠭᠤᠸᠠᠠᠱᠠᠨ ᠭᠡᠭᠦ ᠭᠠᠵᠠᠷ ᠵᠤᠰᠠᠵᠠᠢ᠃ ᠭᠡᠪᠠᠴᠤ ᠥᠭᠡᠳᠡᠢ ᠬᠠᠭᠠᠨ ᠭᠡᠨᠡᠳᠲᠡ ᠡᠪᠡᠳᠴᠢᠨ᠎ᠳᠤ ᠨᠡᠷᠪᠠᠭ᠍ᠳᠡᠵᠤ ᠥᠭᠡ ᠭᠡᠯᠡᠵᠤ ᠴᠢᠳᠠᠬᠤ ᠦᠭᠡᠶ ᠪᠣᠯᠪᠠ᠃ ᠪᠦᠭᠡ ᠪᠠᠭᠤᠯᠭᠠᠵᠤ ᠳᠦᠯᠦᠭᠡ ᠳᠠᠳᠠᠭᠤᠯᠤᠨ ᠥᠵᠡᠭᠦᠯᠦᠭᠰᠡᠨ᠎ᠳᠤ ᠭᠢᠳᠠᠤᠨ ᠣᠯᠤᠰ᠎ᠤᠨ ᠭᠠᠵᠠᠷ ᠣᠰᠤᠨ᠎ᠤ ᠡᠵᠡᠳ ᠰᠠᠭᠢᠭᠤᠰᠤᠨ ᠠᠷᠠᠤᠨ ᠢᠷᠭᠡᠳ ᠶᠢᠡᠨ ᠠᠪᠳᠠᠭᠳᠠᠵᠤ᠂ ᠬᠤᠳᠠ ᠪᠠᠯᠭᠠᠰᠤᠨ ᠶᠢᠡᠨ ᠡᠪᠳᠡᠭᠳᠡᠭᠰᠡᠨ᠎ᠳᠤ ᠠᠳᠠ ᠦᠵᠡᠵᠤ ᠬᠤᠤᠷᠯᠠᠪᠠ ᠭᠡᠪᠡ᠃ ᠪᠦᠭᠡ ᠨᠡᠷ ᠡᠯᠳᠡᠪ ᠵᠣᠢ᠌ᠯ᠎ᠤᠨ ᠶᠠᠭᠤᠮ᠎ᠠ᠎ᠪᠠᠷ ᠵᠤᠯᠢᠶ᠎ᠠ ᠪᠣᠯᠭᠠᠶ᠎ᠠ ᠭᠡᠮᠡᠨ ᠳᠠᠭᠠᠳᠬᠠᠪᠠᠴᠤ ᠬᠠᠷᠢᠨ ᠡᠪᠡᠳᠴᠢᠨ ᠨᠢ ᠣᠯᠠᠮ ᠭᠡᠴᠡᠭᠦᠳᠡᠪᠡ᠂ ᠣᠷᠤᠭ ᠲᠦᠷᠦᠯ᠎ᠤᠨ ᠭᠦᠮᠤᠨ᠎ᠡᠴᠡ ᠵᠤᠯᠢᠶ᠎ᠠ ᠪᠣᠯᠭᠠᠶ᠎ᠠ ᠭᠡᠰᠡᠨ᠎ᠳᠤ ᠡᠪᠡᠳᠴᠢᠨ ᠨᠢ ᠳᠠᠯᠪᠢᠭᠤᠷᠠᠵᠠᠢ᠃ ᠡᠨᠡ ᠦᠶ᠎ᠡ᠎ᠳᠤ ᠳᠤᠯᠤᠢ ᠳᠡᠭ᠍ᠷᠢ ᠭᠠᠵᠠᠷ᠎ᠲᠤ ᠳᠠᠭᠠᠳᠬᠠᠨ ᠠᠬ᠎ᠠ᠎ᠶᠢᠨ ᠶᠢᠡᠨ ᠳᠦᠯᠦᠭᠡ ᠪᠠᠶ᠎ᠠ᠎ᠪᠠᠨ ᠵᠤᠯᠢᠶ᠎ᠠ ᠪᠣᠯᠭᠠᠶ᠎ᠠ ᠭᠡᠮᠡᠨ ᠭᠤᠶᠤᠵᠤ ᠪᠦᠭᠡ ᠨᠡᠷ᠎ᠤᠨ ᠠᠳᠢᠰᠯᠠᠭᠰᠠᠨ ᠣᠰᠤ᠎ᠶᠢ ᠣᠤᠭᠤᠪᠠ᠃ ᠭᠡᠳᠤᠨ ᠡᠳᠦᠷ᠎ᠤᠨ ᠳᠠᠷᠠᠭ᠎ᠠ ᠥᠭᠡᠳᠡᠢ᠎ᠶᠢᠨ ᠡᠪᠡᠳᠴᠢᠨ ᠢᠯᠠᠷᠢ ᠪᠣᠯᠵᠤ᠂ ᠳᠤᠯᠤᠢ ᠣᠮᠠᠷᠠᠰᠢ ᠪᠣᠴᠠᠨ ᠠᠯᠠᠭᠳᠢᠰ ᠭᠡᠭᠦ ᠭᠠᠵᠠᠷ ᠭᠦᠷᠦᠭᠡᠳ ᠨᠠᠰᠤ ᠨᠥᠭᠦᠴᠡᠪᠡ ᠭᠡᠵᠡᠢ᠃ ᠪᠠᠰᠠ ᠪᠦᠭᠡ ᠨᠡᠷ᠎ᠤᠨ ᠠᠳᠢᠰᠯᠠᠭᠰᠠᠨ ᠣᠰᠤ᠎ᠶᠢ ᠣᠤᠭᠤᠭᠠᠤᠨ᠄ 《ᠪᠢ ᠰᠤᠭᠳᠤᠪᠠ》 ᠭᠡᠵᠤ ᠭᠡᠯᠡᠭᠡᠳ ᠭᠠᠷᠴᠤ ᠶᠠᠪᠤᠨ ᠭᠤᠤᠯ᠎ᠤᠨ ᠣᠰᠤᠨ᠎ᠳᠤ ᠣᠷᠤᠵᠤ ᠨᠠᠰᠤᠨ ᠡᠴᠦᠰᠯᠡᠪᠡ ᠭᠡᠰᠡᠨ ᠭᠡᠯᠡᠯᠭᠡ ᠪᠠᠢ᠌ᠳᠠᠭ᠃ ᠳᠤᠯᠤᠢ ᠠᠷᠠᠢ ᠳᠦᠴᠢ ᠪᠠᠰᠠ ᠭᠦᠷᠦᠭᠡ ᠦᠭᠡᠶ ᠪᠠᠢ᠌ᠵᠠᠢ (1193 ᠣᠨ ᠊᠊᠊᠊᠊᠊᠊᠊᠊᠊᠊᠊᠊᠊᠊ 1232 ᠣᠨ)᠃

ᠳᠤᠯᠤᠢ ᠡᠵᠡᠨ᠎ᠢ ᠳᠠᠢ᠌ᠵᠤ ᠪᠠᠢ᠌ᠭᠰᠠᠨ ᠨᠠᠰᠤᠳᠠᠢ᠌ᠴᠤᠳ᠎ᠤᠨ ᠮᠡᠳᠡᠭᠡᠯᠡᠭᠰᠡᠨ ᠶᠢᠡᠷ᠄ 《ᠳᠤᠯᠤᠢ ᠡᠵᠡᠨ ᠭᠡᠷᠢᠶᠡᠰᠤᠨ ᠰᠢᠳᠦᠭᠡᠨ》 ᠭᠡᠭ᠍ᠴᠢ᠎ᠶᠢ ᠣᠷᠳᠤᠰ᠎ᠤᠨ ᠣᠳᠤᠭ ᠬᠠᠩᠭᠢᠨ ᠬᠤᠶᠠᠷ ᠬᠤᠰᠢᠭᠤᠨ᠎ᠤ ᠵᠠᠭᠠᠭ ᠳᠠᠭᠢ ᠮᠤᠬᠤᠷ ᠰᠤᠭᠤ᠎ᠶᠢᠨ ᠵᠡᠭᠦᠨ ᠬᠣᠢ᠌ᠳᠤ ᠣᠷᠤᠢ ᠳ᠋ᠠᠭᠢ ᠳᠤᠯᠤᠭᠠᠨ ᠬᠤᠤᠠᠳᠤᠭ ᠭᠡᠭᠦ ᠭᠠᠵᠠᠷ ᠳᠠᠭᠢᠭᠠᠤᠨ ᠶᠡᠭᠡ ᠣᠳᠠᠭᠰᠠᠨ ᠭᠡᠨ᠎ᠡ᠃ ᠳᠤᠯᠤᠢ ᠡᠵᠡᠨ ᠰᠢᠳᠦᠭᠡᠨ ᠨᠢ ᠭᠡᠵᠢᠶ᠎ᠡ᠎ᠡᠴᠡ ᠡᠭᠢᠯᠡᠵᠤ ᠣᠤᠯ ᠨᠢ ᠶᠠᠮᠠᠷ ᠭᠠᠵᠠᠷ ᠪᠠᠢ᠌ᠭᠰᠠᠨ ᠳᠤᠬᠠᠢ ᠳᠤᠳᠤᠷᠬᠠᠢ ᠮᠡᠳᠡᠭᠡ ᠣᠯᠳᠠᠭ᠎ᠠ ᠦᠭᠡᠶ ᠪᠠᠢ᠌ᠭᠰᠠᠭᠠᠷ᠃ ᠪᠣᠳᠤᠪᠠᠯ ᠴᠢᠩᠭᠢᠰ᠎ᠤᠨ ᠨᠢ᠋ᠮᠠᠨ ᠴᠠᠭᠠᠨ ᠣᠷᠳᠤᠨ ᠵᠡᠷᠭᠡ ᠪᠣᠰᠤᠳ ᠳᠠᠢ᠌ᠯᠭ᠎ᠠ ᠳᠠᠭᠢᠯᠭ᠎ᠠ ᠲᠡᠶ᠎ᠪᠠᠨ ᠠᠳᠠᠯᠢ᠎ᠪᠠᠷ ᠣᠷᠳᠤᠰᠴᠤᠳ ᠪᠣᠷᠤ ᠳᠤᠬᠤᠢ ᠨᠤᠳᠤᠭ᠎ᠲᠤ ᠢᠷᠡᠭᠦ᠎ᠶᠢ ᠳᠠᠭᠠᠯᠳᠤᠨ ᠡᠨᠡ ᠭᠠᠵᠠᠷ ᠰᠢᠯᠵᠢᠨ ᠢᠷᠡᠭᠰᠡᠨ ᠪᠠᠢ᠌ᠵᠤ ᠳᠠᠭᠠᠷᠠᠨ᠎ᠠ᠃ ᠡᠨᠡ ᠳᠤᠯᠤᠭᠠᠨ ᠬᠤᠤᠠᠳᠤᠭ ᠭᠡᠳᠡᠭ᠌ ᠨᠢ ᠦᠨᠡᠨ ᠳᠡᠭᠡᠨ ᠨᠢᠭᠡ ᠣᠰᠤᠨ ᠰᠤᠳᠠᠯ᠎ᠢ ᠳᠠᠭᠠᠭᠤᠯᠤᠨ ᠮᠠᠯᠳᠠᠭᠰᠠᠨ ᠬᠤᠷᠢᠨ ᠳᠤᠯᠤᠭᠠᠨ ᠬᠤᠤᠠᠳᠤᠭ ᠭᠡᠨ᠎ᠡ᠃ ᠳᠦᠭᠦᠮᠴᠢᠯᠡᠭᠡᠳ ᠳᠤᠯᠤᠭᠠᠨ ᠬᠤᠤᠠᠳᠤᠭ ᠭᠡᠮᠡᠨ ᠨᠠᠷᠠᠯᠠᠨ ᠵᠠᠩᠰᠢᠵᠠᠢ᠃ ᠳᠤᠯᠤᠭᠠᠨ ᠬᠤᠤᠠᠳᠤᠭ ᠭᠡᠭᠦ ᠭᠠᠵᠠᠷ ᠳᠠᠭᠢᠵᠤ ᠪᠠᠢ᠌ᠭᠰᠠᠨ ᠪᠠ 《ᠳᠤᠯᠤᠢ》᠂ 《ᠳᠤᠯᠤᠭ᠎ᠠ》 ᠭᠡᠭᠦ ᠬᠤᠶᠠᠷ ᠥᠭᠡ᠎ᠶᠢᠨ ᠠᠪᠢᠶᠠᠨ᠎ᠤ ᠣᠢ᠌ᠷᠠᠯᠴᠠᠭ᠎ᠠ ᠡᠴᠠ ᠪᠣᠯᠵᠤ 《ᠳᠤᠯᠤᠢ ᠡᠵᠡᠨ》 ᠨᠢ ᠠᠢ᠌ᠵᠠᠮ ᠳᠠᠭᠠᠨ ᠡᠩ᠎ᠤᠨ ᠭᠦᠮᠦᠰ᠎ᠲᠤ 《ᠳᠤᠯᠤᠭᠠᠨ ᠡᠵᠡᠨ》 ᠭᠡᠮᠡᠨ ᠳᠠᠭᠤᠳᠠᠭᠳᠠᠬᠤ ᠪᠣᠯᠵᠠᠢ᠃ ᠴᠢᠨᠠᠭᠰᠢᠳᠠ ᠵᠠᠷᠢᠮ ᠭᠦᠮᠦᠰ᠎ᠲᠤ 《ᠡᠵᠡᠨ》 ᠭᠡᠭᠦ ᠥᠭᠡ᠎ᠶᠢᠨ ᠳᠠᠭᠤᠳᠠᠯᠭ᠎ᠠ ᠨᠢ ᠭᠢᠳᠠᠤᠨ ᠥᠭᠡ᠎ᠶᠢᠨ 《井》 ᠵᠢᠡᠷ ᠣᠢ᠌ᠯᠠᠭᠠᠭᠳᠠᠵᠤ 《ᠳᠤᠯᠤᠢ ᠡᠵᠡᠨ》 ᠭᠡᠳᠡᠭ᠌᠎ᠤᠨ ᠣᠤᠠᠬ᠎ᠠ ᠨᠢ ᠣᠷᠤ ᠦᠭᠡᠶ ᠪᠣᠯᠵᠠᠢ᠃ ᠮᠦᠨ ᠡᠭᠦᠨ᠎ᠡᠴᠡ ᠪᠣᠯᠵᠤ ᠳᠤᠯᠤᠢ ᠡᠵᠡᠨ ᠰᠢᠳᠦᠭᠡᠨ ᠨᠢ ᠬᠤᠯᠠ᠎ᠶᠢᠨ ᠪᠣᠶᠤ ᠬᠣᠢ᠌ᠴᠢ᠎ᠶᠢᠨ ᠭᠦᠮᠦᠰ᠎ᠲᠤ ᠶᠠᠮᠠᠷ ᠨᠢᠭᠡᠨ ᠳᠤᠯᠤᠭᠠᠨ ᠭᠦᠮᠤᠨ᠎ᠤ ᠳᠤᠬᠠᠢ ᠰᠢᠳᠦᠭᠡᠨ ᠮᠠᠳᠤ ᠴᠢᠨᠠᠭᠰᠢᠳᠠ ᠭᠠᠵᠠᠷ ᠣᠰᠤᠨ᠎ᠤ ᠡᠵᠡᠳ ᠪᠣᠶᠤ ᠭᠠᠵᠠᠷ ᠣᠰᠤᠨ᠎ᠤ ᠰᠢᠳᠦᠭᠡᠨ ᠭᠡᠮᠡᠨ ᠡ᠊ᠨᠳᠡᠭᠦᠤ ᠣᠢ᠌ᠯᠠᠭᠠᠭᠳᠠᠬᠤ ᠰᠢᠬᠠᠵᠠᠢ᠃

ᠣᠷᠳᠤᠰ ᠨᠤᠳᠤᠭ᠎ᠲᠤ ᠭᠠᠵᠠᠷ ᠬᠠᠭᠠᠯᠪᠣᠷᠢᠯᠠᠵᠤ ᠡᠭᠢᠯᠡᠭᠰᠡᠨ ᠡᠴᠠ ᠬᠣᠢ᠌ᠰᠢ ᠳᠤᠯᠤᠢ ᠡᠵᠡᠨ ᠰᠢᠳᠦᠭᠡᠨ ᠨᠢ ᠣᠳᠠᠭ᠎ᠠ ᠳᠠᠷᠠᠭᠠᠯᠠᠨ ᠣᠯᠠᠨ ᠭᠠᠵᠠᠷ ᠰᠢᠯᠵᠢᠭ᠍ᠰᠡᠨ ᠪᠦᠭᠡᠳ ᠳᠡᠭᠡᠷᠡᠮ᠂ ᠭᠠᠯ᠎ᠤᠨ ᠠᠶᠤᠯ᠎ᠳᠤ ᠣᠴᠠᠷᠠᠵᠤ ᠥᠩᠭᠡᠷᠡᠪᠡ᠃ ᠳᠤᠬᠠᠢ᠌ᠯᠠᠪᠠᠯ᠂ ᠳᠤᠯᠤᠭᠠᠨ ᠬᠤᠤᠠᠳᠤᠭ ᠡᠴᠠ ᠰᠢᠯᠵᠢᠨ ᠳᠤᠭᠣᠢ᠌ᠴᠢᠷᠭ᠎ᠠ᠎ᠶᠢᠨ ᠪᠠᠷᠠᠭᠤᠨ ᠬᠣᠢ᠌ᠳᠤ ᠣᠷᠤᠢ ᠳ᠋ᠠᠭᠢ ᠳᠡᠮᠭᠡᠯᠡᠢ ᠭᠡᠭᠦ ᠭᠠᠵᠠᠷ᠎ᠲᠤ᠂ ᠡ᠊ᠨᠳᠡ ᠡᠴᠠ ᠣᠯᠠᠭᠠᠠᠵᠢᠷᠢᠮ ᠭᠡᠭᠦ ᠭᠠᠵᠠᠷ᠎ᠲᠤ᠂ ᠡ᠊ᠨᠳᠡ ᠡᠴᠠ ᠪᠣᠯᠠᠬᠠᠳᠠᠢ ᠭᠡᠭᠦ ᠭᠠᠵᠠᠷ᠎ᠲᠤ᠂ ᠡ᠊ᠨᠳᠡ ᠡᠴᠠ ᠵᠤᠰᠤ᠎ᠶᠢᠨ ᠵᠡᠭᠦᠨ ᠬᠣᠢ᠌ᠳᠤᠭᠢ ᠭᠦᠮᠦᠭᠡᠯᠡᠢ ᠭᠡᠭᠦ ᠭᠠᠵᠠᠷ᠎ᠲᠤ᠂ ᠡ᠊ᠨᠳᠡ ᠡᠴᠠ 1943 ᠣᠨ᠎ᠳᠤ ᠣᠤᠯ᠎ᠤᠨ ᠴᠠᠭᠠᠠᠨᠠᠭᠤᠷ ᠰᠤᠮᠤᠨ (ᠣᠳᠤ ᠣᠯᠠᠭᠠᠠᠪᠠᠯᠭᠠᠰᠤᠨ᠎ᠳᠤ ᠬᠠᠷᠢᠶᠠᠯᠠᠭᠳᠠᠪᠠ) ᠊ᠤ ᠰᠠᠢ᠌ᠬᠠᠠᠳᠠᠯ᠎ᠠ ᠭᠠᠴᠠᠭ᠎ᠠ ᠪᠠ ᠰᠢᠷᠠᠪᠦ᠋ᠷᠢᠳᠤ ᠭᠠᠴᠠᠭ᠎ᠠ᠎ᠶᠢᠨ ᠵᠠᠭᠠᠭ ᠭᠠᠵᠠᠷ ᠳᠠᠭᠢ ᠮᠠᠯᠴᠢᠳ᠎ᠤᠨ ᠳᠤᠮᠳᠠ ᠰᠢᠯᠵᠢᠭᠦᠯᠤᠨ ᠠᠪᠴᠢᠷᠠᠭᠰᠠᠨ᠎ᠡᠴᠡ ᠪᠠᠬᠠᠨ ᠳᠤᠭᠳᠠᠪᠣᠷᠢᠵᠢᠵᠤ᠂ ᠡ᠊ᠨᠳᠡ 1955 ᠣᠨ ᠪᠣᠯᠳᠠᠯ᠎ᠠ ᠳᠠᠭᠢᠵᠤ ᠪᠠᠢ᠌ᠭᠠᠤᠨ ᠡᠵᠡᠨ ᠬᠤᠷᠤᠭ᠎ᠠ᠎ᠳᠤ ᠴᠢᠩᠭᠢᠰ᠎ᠤᠨ ᠣᠩᠭ᠋ᠤᠨ᠎ᠢ ᠪᠠᠢ᠌ᠭᠤᠯᠤᠭᠰᠠᠨ᠎ᠳᠤ ᠳᠠᠠᠳᠠ ᠰᠢᠯᠵᠢᠭᠦᠯᠤᠨ ᠨᠡᠢ᠌ᠯᠡᠭᠦᠯᠤᠨ ᠳᠠᠭᠢᠵᠠᠢ᠃ ᠡᠨᠡ ᠭᠦ ᠰᠠᠢ᠌ᠬᠠᠠᠳᠠᠯ᠎ᠠ ᠰᠢᠷᠠᠪᠦ᠋ᠷᠢᠳᠤ ᠬᠤᠶᠠᠷ ᠭᠠᠴᠠᠭᠠᠨ᠎ᠤ ᠵᠠᠭᠠᠭ ᠳᠠᠭᠢ ᠭᠠᠵᠠᠷ ᠭᠡᠳᠡᠭ᠌ ᠨᠢ ᠰᠢᠷᠠᠪᠦ᠋ᠷᠢᠳᠤ᠎ᠶᠢᠨ ᠨᠠᠭᠤᠷ᠎ᠤᠨ ᠪᠠᠷᠠᠭᠤᠨ ᠣᠷᠤᠢ ᠳ᠋ᠠᠭᠢ᠂ ᠣᠳᠤᠭ ᠬᠤᠰᠢᠭᠤᠨ᠎ᠤ ᠳᠤᠰᠠᠯᠠᠭᠴᠢ ᠪᠠᠢ᠌ᠭᠰᠠᠨ ᠴᠢ᠊·ᠮᠥᠩᠭᠡ᠎ᠶᠢᠨ ᠣᠷᠳᠤᠨ ᠪᠠ ᠰᠠᠩᠳᠤ᠎ᠶᠢᠨ ᠰᠦᠮ᠎ᠡ᠎ᠶᠢᠨ ᠪᠠᠷᠠᠭᠤᠠᠳᠠᠢ ᠬᠠᠮᠤᠭ᠎ᠤᠨ ᠥᠡᠳᠦᠷᠯᠢᠭ᠌᠎ᠲᠤ ᠪᠠᠢ᠌ᠭ᠎ᠠ ᠪᠠᠶᠠᠠᠠᠤᠪᠣᠭ᠎ᠠ᠎ᠶᠢᠨ ᠠᠷᠤ ᠰᠢᠯᠢ᠎ᠳᠤ ᠪᠣᠢ᠃ ᠳᠤᠯᠤᠢ ᠡᠵᠡᠨ᠎ᠤ ᠳᠠᠷᠬᠠᠤᠨ ᠡᠨᠡ ᠭᠠᠵᠠᠷ ᠢᠷᠡᠭᠡᠳ ᠪᠠᠰᠠ ᠤᠷᠢᠳ ᠬᠤᠵᠢᠳ ᠳᠤᠯᠤᠭᠠᠨ ᠬᠤᠤᠠᠳᠤᠭ ᠮᠠᠯᠳᠠᠭᠰᠠᠨ ᠭᠡᠵᠤ ᠪᠣᠢ᠃ ᠡᠨᠡ ᠨᠢ ᠪᠠᠷᠠᠭᠤᠨ ᠬᠣᠢ᠌ᠨ᠎ᠠ ᠡᠴᠠ ᠵᠡᠭᠦᠨ ᠡᠮᠦᠨᠡᠰᠢ ᠬᠠᠠᠳᠤᠭᠰᠠᠨ ᠣᠰᠤᠨ ᠰᠤᠵᠠᠭ᠎ᠢ ᠳᠠᠭᠠᠭᠤᠯᠤᠨ ᠮᠠᠯᠳᠠᠭᠰᠠᠨ ᠳᠠᠪᠣ ᠵᠢᠷᠭᠤᠭ᠎ᠠ ᠠᠯᠳᠠ᠎ᠶᠢᠨ ᠭᠦᠨ ᠬᠤᠤᠠᠳᠤᠭ᠎ᠤᠳ ᠪᠣᠯᠤᠨ᠎ᠠ᠃ ᠡᠨᠡ ᠭᠠᠵᠠᠷ ᠭᠡᠷᠪᠡ ᠣᠰᠤᠨ ᠰᠤᠵᠠᠭ᠎ᠢ ᠬᠠᠮᠢᠶᠠᠷᠬᠤ ᠦᠭᠡᠶ᠎ᠪᠠᠷ ᠰᠢᠭᠤᠳ ᠴᠢᠷᠭ᠎ᠠ ᠮᠠᠯᠳᠠᠪᠠᠯ ᠳᠠᠪᠢ ᠵᠢᠷᠠ ᠠᠯᠳᠠ᠎ᠳᠤ ᠰᠠᠶᠢ ᠣᠰᠤ ᠭᠠᠷᠳᠠᠭ᠃ ᠡᠨᠡ ᠭᠠᠵᠠᠷ᠎ᠢ ᠮᠦᠨ 《ᠳᠤᠯᠤᠭᠠᠨ ᠡᠵᠡᠨ》 ᠭᠡᠮᠡᠨ ᠨᠡᠷᠡᠯᠡᠭᠡᠳ ᠵᠠᠩᠰᠢᠵᠠᠢ᠃ ᠠᠷᠠᠤᠨ᠎ᠤᠨ ᠳᠤᠮᠳᠠ ᠪᠠᠰᠠ᠄ ᠳᠤᠯᠤᠢ᠂ ᠬᠠᠭᠠᠨ ᠠᠬ᠎ᠠ᠎ᠪᠠᠨ ᠠᠪᠣᠷᠠᠬᠤ᠎ᠶᠢᠨ ᠳᠤᠰᠠᠳᠠ ᠦᠪᠡᠷ ᠶᠢᠡᠨ ᠵᠤᠯᠢᠶ᠎ᠠ ᠪᠣᠯᠬᠤ᠎ᠪᠠᠷ ᠭᠤᠤᠯ᠎ᠳᠤ ᠣᠷᠤᠵᠤ ᠡᠴᠦᠰᠯᠡᠭᠰᠡᠨ ᠳᠤᠯᠠ ᠳᠡᠭᠦᠨ᠎ᠤ ᠭᠡᠭᠡᠨ ᠳᠦᠷᠢ᠎ᠶᠢ ᠭᠤᠤᠯ ᠣᠰᠤᠨ᠎ᠤ ᠳᠡᠷᠭᠡᠳᠡ ᠪᠣᠶᠤ ᠭᠤᠤᠯ ᠣᠰᠤ ᠦᠭᠡᠶ ᠴᠤ ᠣᠯᠠᠨ ᠬᠤᠤᠠᠳᠤᠭ ᠣᠰᠤ ᠲᠡᠶ ᠭᠠᠵᠠᠷ ᠳᠠᠭᠢᠳᠠᠭ ᠭᠡᠰᠡᠨ ᠭᠡᠯᠡᠯᠭᠡ ᠪᠣᠢ᠃ ᠣᠢ᠌ᠷ᠎ᠠ᠎ᠶᠢᠨ ᠬᠤᠶᠠᠷ ᠵᠢᠯ᠎ᠳᠤ ᠳᠤᠯᠤᠢ ᠡᠵᠡᠨ ᠰᠢᠳᠦᠭᠡᠨ᠎ᠤ ᠳᠠᠢ᠌ᠰᠢ᠎ᠶᠢᠨ ᠭᠡᠰᠢᠭ᠌᠎ᠤᠨ ᠳᠠᠷᠬᠠᠤᠨ ᠠᠶᠤᠷᠽᠠᠨ᠎ᠠ᠎ᠶᠢᠨ ᠬᠣᠢ᠌ᠴᠢᠰ ᠪᠣᠯᠬᠤ ᠮᠠᠠᠳᠤ ᠨᠡᠷ ᠳᠡᠷᠢᠭᠦᠯᠡᠨ ᠡᠨᠡ ᠭᠠᠵᠠᠷ᠎ᠲᠤ ᠰᠦᠮ᠎ᠡ ᠪᠠᠷᠢᠵᠤ ᠴᠤᠮᠴᠤᠭ ᠪᠣᠰᠬᠠᠨ ᠳᠤᠯᠤᠢ᠎ᠶᠢᠨ ᠭᠦᠷᠦᠭ᠌ ᠵᠡᠷᠭᠡ ᠳᠠᠭᠢᠯᠭ᠎ᠠ᠎ᠶᠢᠨ ᠵᠣᠢ᠌ᠯ᠎ᠢ ᠴᠤᠭᠯᠠᠭᠤᠯᠤᠨ ᠣᠤᠯ ᠰᠢᠳᠦᠭᠡᠨ᠎ᠢ ᠡ᠊ᠨᠳᠡ ᠰᠡᠷᠭᠦᠭᠡᠨ ᠳᠠᠭᠢᠬᠤ᠎ᠪᠠᠷ ᠴᠢᠷᠮᠠᠢ᠌ᠵᠤ ᠪᠠᠢ᠌ᠨ᠎ᠠ᠃

ᠳᠤᠯᠤᠢ ᠡᠵᠡᠨ ᠰᠢᠳᠦᠭᠡᠨ ᠪᠣᠯ ᠳᠡᠭᠡᠳᠦᠰ᠎ᠤᠨ ᠰᠢᠳᠦᠭᠡᠨ ᠮᠦᠨ᠃ ᠭᠡᠳᠥᠢᠪᠠᠷ 1948 ᠣᠨ᠎ᠳᠤ ᠴᠢ᠊·ᠮᠥᠩᠭᠡ ᠣᠯᠤᠰ ᠲᠦᠷᠦ᠎ᠶᠢᠨ ᠡᠭᠦᠳᠡᠨ᠎ᠡᠴᠡ ᠳᠡᠷᠭᠡᠳᠡ ᠨᠢ ᠰᠦᠯᠳᠡ ᠪᠣᠰᠬᠠᠭᠰᠠᠨ ᠪᠠ ᠳᠤᠰ ᠵᠠᠭᠤᠨ᠎ᠤ ᠡᠭᠢ᠎ᠪᠠᠷ ᠰᠢᠳᠦᠭᠡᠨ ᠪᠠᠢ᠌ᠭᠰᠠᠨ ᠭᠠᠵᠠᠷ᠎ᠢ ᠳᠤᠷᠠᠰᠬᠠᠨ ᠳᠡᠮᠳᠡᠭᠯᠡᠭᠦ ᠳᠦᠯᠦᠭᠡ ᠪᠢᠵᠠ᠂ ᠣᠤᠯ ᠭᠠᠵᠠᠷ᠎ᠲᠤ ᠣᠪᠤᠭ᠎ᠠ ᠪᠣᠰᠬᠠᠭᠰᠠᠨ ᠪᠣᠯᠪᠠᠴᠤ ᠳᠠᠷᠠ ᠨᠢ ᠰᠦᠯᠳᠡ᠎ᠶᠢᠨ ᠰᠢᠳᠦᠭᠡᠨ ᠪᠠ ᠭᠠᠵᠠᠷ ᠣᠰᠤᠨ᠎ᠤ ᠰᠢᠳᠦᠭᠡᠨ ᠪᠦᠷ ᠪᠢᠰᠢ᠂ ᠬᠠᠷᠢᠨ ᠳᠤᠯᠤᠢ᠎ᠶᠢᠨ ᠭᠡᠭᠡᠨ ᠳᠦᠷᠢ ᠳᠠᠭᠢᠭᠰᠠᠨ ᠡᠵᠡᠨ ᠰᠢᠳᠦᠭᠡᠨ ᠶᠤᠮ᠃ ᠳᠤᠯᠤᠢ ᠡᠵᠡᠨ᠎ᠤ ᠰᠢᠳᠦᠭᠡᠨ ᠣᠤᠯ ᠡᠴᠠ ᠣᠯᠠᠮᠵᠢᠯᠠᠵᠤ ᠢᠷᠡᠭᠰᠡᠨ ᠭᠤᠷᠢᠮ ᠶᠤᠰᠤ ᠪᠦᠭᠦᠢ ᠳᠦᠷᠪᠡᠨ ᠣᠯᠠᠷᠢᠯ᠎ᠤᠨ ᠳᠠᠢ᠌ᠯᠭ᠎ᠠ ᠪᠠ ᠰᠠᠷ᠎ᠠ᠎ᠶᠢᠨ ᠳᠠᠢ᠌ᠯᠭ᠎ᠠ ᠲᠡᠶ ᠪᠠᠢ᠌ᠵᠠᠢ᠃ ᠳᠤᠯᠤᠢ ᠡᠵᠡᠨ᠎ᠤ ᠳᠠᠷᠬᠠᠤᠨ ᠨᠢ ᠭᠡᠳᠥᠢᠪᠠᠷ ᠰᠡᠭᠦᠯᠳᠡᠵᠤ ᠢᠷᠡᠭᠡᠳ ᠬᠤᠰᠢᠭᠤ ᠬᠠᠷᠢᠶ᠎ᠠ ᠰᠤᠮᠤᠨ᠎ᠳᠤ ᠵᠠᠭᠢᠷᠤᠭᠳᠠᠬᠤ ᠪᠣᠯᠤᠭᠰᠠᠨ ᠪᠣᠯᠪᠠᠴᠤ ᠳᠠᠳᠠ ᠮᠦᠨ ᠮᠥᠩᠭᠡ᠎ᠶᠢᠨ ᠪᠠᠯᠪᠠᠰᠤᠷᠠᠯ ᠲᠡᠶ᠂ ᠦᠪᠡᠷ᠎ᠤᠨ ᠳᠠᠷᠬᠠᠨ ᠡᠷᠭᠡ ᠲᠡᠶ᠂ ᠳᠠᠢ᠌ᠯᠭ᠎ᠠ ᠡᠷᠭᠢᠯᠡᠭᠦ ᠳᠤᠰᠬᠠᠢ ᠶᠠᠮᠤᠳᠠᠤᠨ ᠲᠡᠶ ᠪᠠᠢ᠌ᠪᠠ᠃ ᠮᠦᠨ ᠳᠤᠯᠤᠢ ᠡᠵᠡᠨ ᠰᠢᠳᠦᠭᠡᠨ᠎ᠤ ᠬᠠᠪᠣᠷ᠎ᠤᠨ ᠣᠯᠠᠷᠢᠯ᠎ᠤᠨ ᠳᠠᠢ᠌ᠯᠭ᠎ᠠ᠎ᠶᠢ ᠴᠢᠩᠭᠢᠰ᠎ᠤᠨ ᠴᠠᠭᠠᠨ ᠰᠥᠷᠦᠭ᠌᠎ᠤᠨ ᠶᠡᠭᠡ ᠳᠠᠢ᠌ᠯᠭ᠎ᠠ᠎ᠳᠤ ᠵᠢᠭᠢᠯᠡᠳᠡᠭ᠌ ᠪᠦᠭᠡᠳ ᠪᠠᠷᠰ ᠵᠢᠯ ᠶᠠᠪᠣᠭᠳᠠᠬᠤ ᠠᠯᠠᠭ ᠰᠦᠯᠳᠡ᠎ᠶᠢᠨ ᠳᠤᠭᠰᠢᠭᠤᠯᠤᠭ᠎ᠠ᠎ᠳᠤ ᠳᠠᠳᠠᠨ᠎ᠤ ᠳᠠᠷᠬᠠᠤᠨ ᠵᠠᠪᠠᠯ ᠣᠷᠤᠯᠴᠠᠵᠤ ᠡᠭᠦᠷᠭᠡ᠎ᠪᠠᠨ ᠭᠦᠢᠴᠡᠭᠡᠭᠦ ᠶᠤᠰᠤᠳᠠᠢ ᠭᠡᠨ᠎ᠡ᠃

相关推荐