ᠪᠢᠲᠡᠭᠦᠨᠤ ᠪᠠᠩᠰᠢ
ᠪᠢᠲᠡᠭᠦᠨᠤ ᠪᠠᠩᠰᠢ
ᠰᠦᠷᠦᠩᠪᠠᠲᠤ
ᠪᠣᠯᠣᠳ᠂ ᠥᠷᠯᠥᠭᠡᠨᠦ ᠴᠠᠢ ᠪᠠᠨ ᠤᠤᠭᠤᠴᠢᠬᠠᠭᠠᠳ ᠳᠡᠭᠦᠦ ᠲᠡᠮᠦᠷ ᠲᠡᠬᠡᠨ ᠲᠣᠭ᠎ᠠ ᠪᠣᠳᠣᠯᠭ᠎ᠠᠶᠢᠨ ᠰᠡᠳᠦᠪ ᠵᠢᠭᠠᠵᠤ ᠪᠠᠢᠪᠠ᠃ ᠲᠡᠮᠦᠷ ᠳᠡᠷᠭᠡᠳᠡ ᠨᠢ ᠰᠣᠨᠣᠰᠴᠤ ᠰᠠᠭᠤᠭᠰᠠᠨᠢᠶᠠᠨ ᠭᠡᠨᠡᠳᠲᠡ ᠰᠢᠷᠡᠭᠡ ᠡᠯᠢᠭᠡᠳᠡᠭᠡᠳ ᠤᠬᠢᠯᠠᠵᠤ ᠡᠬᠢᠯᠡᠯ᠎ᠡ᠃ ᠬᠣᠶᠠᠷ ᠬᠣᠨᠣᠭᠤᠨ ᠡᠮᠦᠨ᠎ᠡ ᠠᠪᠤ ᠡᠵᠢᠶᠢ ᠨᠢ 《 ᠰᠤᠷᠤᠯᠴᠠᠬᠤ ᠠᠩᠭᠢ》ᠳᠦ ᠠᠪᠠᠴᠢᠭᠠᠳ ᠡᠳᠦᠶ ᠪᠣᠯᠲᠠᠯ᠎ᠠ ᠰᠤᠷᠠᠭ ᠥᠬᠡᠶ ᠲᠤᠯᠠ ᠬᠣᠭᠣᠯᠠ ᠴᠠᠢ ᠬᠢᠵᠦ ᠳᠡᠭᠦᠦ ᠪᠡᠨ ᠬᠠᠷᠠᠭᠠᠯᠵᠠᠬᠤ ᠵᠡᠷᠭᠡ ᠣᠯᠠᠨ ᠡᠭᠦᠷᠭᠡ ᠲᠡᠶ ᠪᠣᠯᠤᠭᠰᠠᠨ ᠪᠣᠯᠣᠳ᠂ ᠥᠪᠡᠷᠢ ᠪᠡᠨ ᠪᠦᠷᠢᠮᠦᠰᠦᠨ ᠲᠣᠮᠣ ᠬᠥᠮᠦᠨᠢᠶᠠᠷ ᠦᠵᠡᠬᠦ ᠪᠣᠯᠤᠯ᠎ᠠ᠃
《 ᠳᠡᠭᠦᠦ ᠮᠢᠨᠢ᠂ ᠶᠠᠭᠠᠬᠢᠴᠢᠬᠠᠪᠠ?》 ᠭᠡᠵᠦ ᠠᠰᠠᠭᠤᠭᠰᠠᠨ ᠪᠣᠯᠣᠳ᠄ 《 ᠲᠡᠮᠦᠷ ᠡ᠂ ᠪᠦᠦ ᠤᠬᠢᠯᠠ᠂ ᠤᠬᠢᠯᠠᠭᠠᠳ ᠪᠠᠢᠪᠠᠯ ᠠᠪᠤ ᠡᠵᠢ ᠴᠢᠨᠢ ᠬᠠᠷᠢᠵᠤ ᠢᠷᠡᠬᠦ ᠥᠬᠡᠶ ᠰᠢᠤ 》 ᠭᠡᠯᠡ ᠃
《 ᠠᠪᠤ ᠂ ᠮᠥᠮᠥ ᠬᠠᠮᠢᠭ᠎ᠠ ᠪᠠᠢᠨ᠎ᠠ ᠪᠤᠢ? ᠬᠣᠶᠠᠭᠤᠯᠠ ᠡᠷᠢᠬᠦ ᠪᠡᠷ ᠣᠴᠢᠶ᠎ᠠ》 ᠭᠡᠵᠦ ᠲᠡᠮᠦᠷ ᠤᠬᠢᠯᠠᠭᠠᠨᠠᠨ ᠭᠣᠶᠤᠨᠠ᠃ ᠳᠡᠭᠦᠦ ᠵᠢᠨᠢᠶᠡᠨ ᠨᠢᠯᠪᠤᠰᠤᠶᠢ ᠭᠠᠷᠤᠨ ᠠᠯᠠᠭ᠎ᠠ ᠪᠠᠷᠢᠶᠠᠨ ᠠᠷᠴᠢᠵᠤ ᠥᠭᠭᠦᠭᠰᠡᠨ ᠪᠣᠯᠤᠳ᠄
《 ᠮᠢᠨᠦ ᠳᠡᠭᠦᠦ ᠤᠬᠠᠭᠠᠨ ᠲᠠᠶ ᠶᠤᠮ᠂ ᠪᠦᠦ ᠤᠬᠢᠯᠠ᠃ ᠳᠡᠪᠲᠡᠷᠢᠶᠠᠨ ᠬᠣᠷᠢᠶ᠎ᠠ ᠂ ᠬᠣᠶᠠᠭᠤᠯᠠ ᠷᠠᠳᠢᠣ᠋ ᠰᠣᠨᠣᠰᠤᠶ᠎ᠠ》 ᠭᠡᠵᠦ ᠳᠡᠭᠦᠦ ᠪᠠᠨ ᠡᠯᠳᠡᠪᠢᠶᠠᠷ ᠠᠷᠭᠠᠲᠠᠨ ᠰᠠᠭᠠᠳᠠᠭᠤᠯᠬᠤ ᠪᠠᠷ ᠴᠢᠷᠮᠠᠢᠨ᠎ᠠ ᠃
《 ᠰᠣᠨᠣᠰᠬᠤ ᠥᠬᠡᠶ! 》 ᠭᠡᠵᠦ ᠲᠡᠮᠦᠷ ᠲᠠᠰᠤᠷᠬᠠᠶ ᠬᠠᠷᠢᠭᠤᠯᠪᠠ ᠃
《 ᠶᠠᠭᠠᠬᠢᠴᠢᠬᠠᠪᠠ? 》
《 ᠪᠠᠰᠠ ᠯᠠ ᠥᠨᠥᠬᠢ ᠠ — ᠠ ᠭᠡᠳ ᠪᠠᠢᠬᠤᠠᠴᠠ ᠪᠢᠰᠢ ᠂ ᠠᠶᠠᠲᠠᠢᠬᠠᠨ ᠰᠠᠢᠬᠠᠨ ᠳᠠᠭᠤᠤ ᠥᠬᠡᠶ ᠶᠤᠮ ᠴᠢᠨᠢ ᠪᠢ ᠰᠣᠨᠣᠰᠬᠤ ᠥᠬᠡᠶ》 ᠭᠡᠳ ᠤᠷᠤᠭᠤᠯᠢᠶᠠᠨ ᠱᠣᠪᠣᠢᠯᠭᠠᠨ ᠰᠠᠭᠤᠨ᠎ᠠ ᠃
《 ᠲᠡᠭᠡᠪᠡᠯ ᠬᠣᠶᠠᠭᠤᠯᠠ ᠪᠤᠶᠠᠨᠢ ᠡᠷᠢᠬᠦ ᠪᠡᠷ ᠣᠴᠢᠶ᠎ᠠ》 ᠭᠡᠬᠦᠳᠦ ᠲᠡᠮᠦᠷ :
《 ᠲᠡᠭᠡᠶ᠎ᠡ》 ᠭᠡᠯᠡ᠃ ᠶᠠᠭ ᠡᠨᠡ ᠦᠶᠡᠳᠦ ᠴᠠᠩ ᠬᠠᠢᠯᠤᠭᠰᠠᠨ ᠴᠣᠩᠬᠣᠨᠤ ᠰᠢᠯᠳᠤ ᠰᠢᠷ᠎ᠠ ᠦᠨᠡᠬᠡᠨ ᠮᠠᠯᠠᠭᠠᠶ ᠲᠠᠶ ᠪᠤᠶᠠᠨᠦ ᠴᠢᠷᠠᠶ ᠢᠯᠡᠷᠡᠪᠡ᠃ ᠴᠣᠩᠬᠣᠨ ᠰᠢᠯᠳᠦ ᠨᠠᠭᠠᠯᠳᠤᠭᠰᠠᠨ ᠪᠤᠶᠠᠨᠦ ᠬᠠᠮᠠᠷ ᠬᠠᠪ ᠬᠠᠪᠲᠠᠭᠠᠶ ᠪᠣᠯᠪᠠ᠃ ᠨᠢᠳᠦ ᠨᠢ ᠤᠷᠮᠠᠲᠠᠢᠬᠠᠨ ᠭᠡᠷᠡᠯᠳᠦᠵᠦ ᠪᠠᠢᠬᠤᠠᠴᠠ ᠨᠢ ᠶᠠᠮᠠᠷ ᠨᠢᠭᠡᠨ ᠴᠢᠬᠤᠯᠠ ᠤᠴᠢᠷ ᠶᠠᠷᠢᠵᠤ ᠥᠭᠬᠦ ᠪᠡᠷ ᠪᠠᠢᠬᠤᠶᠢ ᠳᠠᠭᠠᠵᠤ ᠮᠡᠳᠡᠭᠰᠡᠨ ᠪᠣᠯᠤᠳ 《 ᠣᠷᠣᠵᠤ ᠢᠷ᠎ᠡ》 ᠭᠡᠰᠡᠨ ᠳᠣᠬᠢᠶ᠎ᠠ ᠥᠭᠪᠠ ᠃
ᠪᠣᠯᠣᠳ ᠂ ᠲᠡᠮᠦᠷ ᠬᠣᠶᠠᠷ ᠭᠠᠳᠠᠷ ᠲᠠᠰᠤᠯᠭᠠᠨᠳᠦ ᠭᠦᠶᠦᠨ ᠭᠠᠷᠴᠤ ᠡᠭᠦᠳᠡ ᠨᠡᠭᠡᠭᠡᠵᠦ ᠥᠭᠬᠦ ᠲᠡᠶ ᠵᠡᠷᠭᠡ ᠪᠤᠶᠠᠨ ᠪᠥᠭᠡᠮ ᠴᠠᠭᠠᠨ ᠠᠭᠤᠷ ᠲᠠᠢ ᠬᠠᠮᠲᠤ ᠣᠷᠣᠵᠤ ᠢᠷᠡᠯ᠎ᠡ᠃
《 ᠬᠤᠷᠳᠤᠨ ᠂ ᠬᠤᠷᠳᠤᠨ ᠶᠠᠪᠤᠶ᠎ᠠ》 ᠭᠡᠬᠦᠳᠦ ᠪᠣᠯᠣᠳ ᠶᠠᠭᠠᠷᠠᠵᠤ᠄
《 ᠬᠠᠮᠢᠭᠠᠰᠢ ᠪᠠᠨ?》 ᠭᠡᠵᠦ ᠠᠰᠠᠭᠤᠨ᠎ᠠ᠃ ᠪᠤᠶᠠᠨ ᠬᠥᠳᠥᠰᠥᠨ ᠪᠡᠭᠡᠯᠡᠶ ᠪᠠᠨ ᠰᠤᠭᠤᠨᠳᠠᠭᠠᠨ ᠬᠠᠪᠴᠢᠭᠤᠯᠵᠤ ᠬᠦᠢᠲᠡᠨᠳᠦ ᠤᠯᠠᠢᠭ᠍ᠰᠠᠨ ᠬᠠᠴᠠᠷᠢᠶᠠᠨ ᠭᠠᠷᠢᠶᠠᠷᠢᠶᠠᠨ ᠳᠤᠯᠠᠭᠠᠴᠠᠭᠤᠯᠬᠤᠶᠢᠨ ᠬᠠᠮᠲᠤ :
《 ᠪᠢᠳᠡ ᠬᠣᠶᠠᠷᠤᠨ ᠳᠠᠭᠠᠵᠤ ᠪᠠᠢᠭ᠍ᠰᠠᠨ ᠲᠡᠷᠡ ᠭᠠᠵᠠᠷ᠂ ᠯᠠᠪ ᠠᠰᠠᠭᠤᠳᠠᠯ ᠥᠬᠡᠶ᠂ ᠥᠨᠥ ᠥᠷᠯᠥᠭᠡ ᠪᠢ ᠦᠨᠢᠶ᠎ᠡ ᠪᠡᠨ ᠭᠠᠷᠭᠠᠬᠤ ᠪᠠᠷ ᠬᠦᠷᠦᠭᠰᠡᠨ ᠴᠢᠨᠢ᠂ ᠲᠡᠷᠡ ᠬᠡᠳᠦᠭᠦᠯᠠ ᠲᠡᠨᠳᠡ ᠡᠴᠡ ᠭᠠᠷᠴᠤ ᠠᠯᠪᠠᠨ ᠭᠡᠷ ᠤᠷᠤᠭᠤ ᠪᠠᠨ ᠶᠠᠪᠤᠵᠤ ᠪᠠᠢᠪᠠ》 ᠭᠡᠵᠦ ᠪᠤᠶᠠᠨ ᠨᠢᠭᠡ ᠯᠡ ᠠᠮᠢᠰᠬᠤᠯᠢᠶᠠᠷ ᠶᠠᠷᠢᠨ᠎ᠠ ᠃
《 ᠶᠠᠭᠤ ᠪᠤᠢ? ᠶᠠᠮᠠᠷ ᠶᠠᠭᠤᠮ᠎ᠠ?》 ᠭᠡᠵᠦ ᠲᠡᠮᠦᠷ ᠬᠠᠵᠠᠭᠤᠡᠴᠡ ᠨᠢ ᠰᠠᠨᠳᠤᠷᠴᠤ᠄
《 ᠪᠤᠶᠠᠨ ᠠᠬ᠎ᠠ ᠡ ᠂ ᠶᠠᠭᠤ ᠪᠤᠢ?》 ᠭᠡᠳ ᠬᠣᠷᠮᠣᠶᠡᠴᠡ ᠨᠢ ᠲᠠᠲᠠᠵᠤ ᠠᠰᠠᠭᠤᠨ᠎ᠠ ᠃
《 ᠪᠠᠢᠵᠠ᠂ ᠪᠠᠢᠵᠠ》 ᠭᠡᠵᠦ ᠂ ᠳᠡᠭᠦᠦ ᠪᠠᠨ ᠬᠠᠰᠢᠭᠰᠠᠨ ᠪᠣᠯᠣᠳ᠂ ᠪᠤᠶᠠᠨ ᠥᠭᠡᠳᠡ 《 ᠤᠨᠳᠤᠤ ᠶᠠᠭᠤ ᠪᠠᠢᠨ᠎ᠠ?》 ᠭᠡᠪᠡ᠃
《 ᠠᠪᠤᠶᠢᠨ ᠬᠡᠯᠡᠬᠦ ᠪᠡᠷ ᠪᠣᠯ ᠤᠷᠵᠢᠳᠤᠷ ᠲᠡᠳᠡ ᠲᠡᠷᠭᠡᠴᠢᠨᠦ ᠬᠠᠭᠤᠴᠢᠨ ᠲᠠᠬᠤ ᠪᠣᠯᠤᠨ ᠬᠡᠳᠦᠨ ᠬᠡᠰᠡᠭ ᠰᠢᠷ᠎ᠠ ᠢᠰᠡᠭᠡᠶ ᠠᠪᠴᠤ ᠲᠡᠷᠡ ᠭᠡᠷᠲᠤ ᠣᠷᠣᠭᠤᠯᠤᠯ᠎ᠠ ᠭᠡᠨ᠎ᠡ》 ᠭᠡᠵᠦ ᠪᠤᠶᠠᠨ ᠬᠠᠷᠢᠭᠤᠯᠤᠨ᠎ᠠ ᠃
《 ᠵᠠ ᠂ ᠲᠡᠨᠳᠡ ᠪᠠᠢᠬᠤ ᠨᠢ ᠯᠠᠪ ᠪᠣᠯᠤᠯ᠎ᠠ》 ᠭᠡᠳ ᠪᠣᠯᠤᠳ ᠂ ᠳᠡᠭᠦᠦᠶᠢᠨᠢᠶᠡᠨ ᠲᠣᠯᠣᠭᠠᠶᠶᠢ ᠢᠯᠪᠢᠵᠦ :
《 ᠲᠡᠮᠦᠷ ᠡ᠂ ᠠᠬ᠎ᠠ ᠨᠢ ᠴᠢᠬᠤᠯᠠ ᠤᠴᠢᠷ ᠲᠠᠶ ᠶᠠᠪᠤᠭᠠᠳ ᠢᠷᠡᠶ᠎ᠡ᠂ ᠮᠢᠨᠦ ᠳᠡᠭᠦᠦ ᠭᠡᠷ ᠲᠡᠬᠡᠨ ᠬᠦᠯᠢᠶᠡᠵᠦ ᠪᠠᠢᠭᠠᠷᠠᠢ! 》
《 ᠥᠬᠡᠶ᠂ ᠪᠢ ᠪᠠᠰᠠ ᠣᠴᠢᠨ᠎ᠠ ᠃》
《 ᠮᠢᠨᠦ ᠳᠡᠭᠦᠦ ᠰᠠᠢᠨ᠂ ᠠᠬ᠎ᠠ ᠨᠢ ᠮᠥᠳᠳᠥ ᠢᠷᠡᠴᠢᠬᠡᠨ᠎ᠡ ᠰᠢᠤ ᠃》
《 ᠨᠠᠳᠠ ᠬᠡᠯᠡᠬᠦ ᠥᠬᠡᠶ ᠪᠣᠯ ᠪᠢ ᠵᠠᠪᠠᠯ ᠳᠠᠭᠠᠨ᠎ᠠ》 ᠭᠡᠬᠦᠳᠦ ᠪᠣᠯᠣᠳ ᠪᠠᠬᠠᠨ ᠪᠣᠳᠣᠯᠭᠠᠰᠢᠷᠠᠵᠤ ᠲᠡᠮᠦᠷᠤᠨ ᠴᠢᠬᠢᠨᠳᠤ ᠰᠢᠪᠡᠨᠡᠭᠡᠳ:
《 ᠡᠨ? ᠮᠡᠳᠡᠪᠡ ᠦᠦ? ᠵᠤᠤᠬᠠᠨᠳᠠᠭᠠᠨ ᠭᠠᠯ ᠨᠡᠮᠡᠵᠦ ᠴᠠᠢ ᠪᠡᠨ ᠪᠦᠦ ᠭᠥᠷᠥᠭᠡᠭᠡᠷᠡᠶ》 ᠭᠡᠪᠡ᠃ ᠲᠡᠭᠡᠲᠡᠯ᠎ᠡ ᠲᠡᠮᠦᠷ ᠳᠤᠷᠠᠮᠵᠢᠬᠠᠨᠢᠶᠠᠷ᠄
《 ᠲᠠ ᠬᠣᠶᠠᠷ ᠲᠦᠷᠭᠡᠨ ᠬᠠᠷᠢᠵᠤ ᠢᠷ᠎ᠡ》 ᠭᠡᠯᠡ ᠃
ᠪᠣᠯᠣᠳ ᠂ ᠶᠠᠭᠠᠷᠠᠦ ᠰᠠᠨᠳᠤᠷᠤᠤ ᠳᠡᠪᠡᠯᠢᠶᠡᠨ ᠪᠦᠰᠡᠯᠡᠵᠦ ᠮᠠᠯᠠᠭᠠᠶ ᠪᠡᠨ ᠪᠦᠴᠡᠯᠡᠭᠡᠳ ᠪᠤᠶᠠᠨ ᠲᠠᠶ ᠬᠣᠶᠠᠭᠤᠯᠠ ᠡᠭᠦᠳᠡ ᠪᠡᠷ ᠴᠢᠬᠢᠯᠳᠦᠨ ᠭᠠᠷᠪᠠ᠃
ᠰᠠᠯᠬᠢ ᠬᠠᠤᠬᠢᠨ ᠢᠰᠬᠡᠷᠦᠨ᠎ᠡ᠃ ᠶᠠᠮᠠᠷ ᠨᠢᠭᠡᠨ ᠰᠦᠭ ᠰᠦᠨᠡᠰᠦ ᠨᠦᠭᠦᠳ ᠨᠠᠷᠢᠨ ᠰᠠᠪᠠᠷᠤᠳᠢᠶᠠᠨ ᠬᠥᠮᠦᠰᠦᠨ ᠰᠢᠯᠢᠨ ᠬᠦᠵᠦᠭᠦᠦ ᠪᠡᠷ ᠬᠢᠵᠦ ᠶᠢᠷᠲᠢᠨᠴᠦᠶᠢᠨ ᠬᠠᠯᠠᠭᠤᠬᠠᠨ ᠠᠢᠯ ᠂ ᠳᠤᠯᠠᠭᠠᠨ ᠬᠤᠪᠴᠠᠰᠤᠲᠠᠨᠨᠤᠭᠤᠳᠲᠤ ᠦᠬᠦᠨ ᠬᠣᠷᠣᠰᠴᠤ ᠪᠠᠢᠭ᠎ᠠ ᠶᠤᠮ ᠰᠢᠭ᠋ ᠵᠢᠮᠵᠢᠭᠢᠨᠡᠲᠡᠯᠡ ᠬᠠᠭᠠᠷᠢᠨ᠎ᠠ ᠃
ᠬᠡᠳᠦᠨ ᠵᠢᠯᠤᠨ ᠲᠤᠷᠰᠢ ᠡᠵᠡᠭᠦᠶ ᠬᠠᠶᠠᠭᠳᠠᠵᠤ ᠬᠥᠮᠥᠷᠭᠡ ᠪᠣᠯᠤᠭᠰᠠᠨ ᠥᠨᠥᠴᠢᠨ ᠬᠠᠪᠲᠠᠰᠤᠨ ᠥᠷᠥᠭᠡᠨᠤ ᠬᠠᠶᠠᠭᠠᠶᠢ ᠪᠣᠯᠣᠳ᠂ ᠪᠤᠶᠠᠨ ᠬᠣᠶᠠᠭᠤᠯᠠ ᠨᠠᠷᠢᠨ ᠠᠵᠢᠭᠯᠠᠨ᠎ᠠ᠃ ᠪᠣᠯᠣᠳ ᠂ ᠬᠠᠪᠲᠠᠰᠤ ᠪᠠᠷ ᠥᠭᠦᠯᠡᠭᠦᠳᠡ ᠬᠠᠳᠠᠭᠰᠠᠨ ᠰᠢᠯ ᠥᠬᠡᠶ ᠴᠣᠩᠬᠣᠶᠢ ᠵᠢᠭᠠᠪᠠ᠃ ᠪᠤᠶᠠᠨ ᠤᠴᠢᠷᠢ ᠤᠬᠠᠵᠤ ᠮᠡᠳᠡᠭᠰᠡᠨ ᠪᠠᠢᠳᠠᠯ ᠲᠠᠶ ᠨᠠᠰᠢ ᠴᠠᠰᠢ ᠬᠠᠷᠠᠭᠰᠠᠨᠢᠶᠠᠨ ᠭᠡᠨᠡᠳᠲᠡ ᠳᠥᠷᠪᠡᠨ ᠮᠥᠴᠢᠯᠡᠭᠡᠳ ᠥᠨᠳᠥᠷ ᠳᠡᠭᠡᠷᠡᠬᠢ ᠴᠣᠩᠬᠣ ᠤᠷᠤᠭᠤ ᠳᠣᠬᠢᠪᠠ᠃ ᠪᠥᠬᠥᠢᠭᠰᠡᠨ ᠨᠢᠷᠤᠭᠤᠨ ᠳᠡᠭᠡᠷ᠎ᠡ ᠨᠢ ᠵᠤᠵᠠᠭᠠᠨ ᠡᠮᠦᠰᠦᠭᠰᠡᠨ ᠪᠣᠯᠣᠳ ᠬᠦᠴᠢᠷᠲᠡᠢᠬᠡᠨ ᠠᠪᠠᠷᠢᠨ ᠭᠠᠷᠬᠤᠳᠦ ᠪᠤᠶᠠᠨ ᠠᠯᠭᠤᠷᠬᠠᠨᠢᠶᠠᠷ ᠪᠤᠰᠤᠨ ᠵᠣᠭᠰᠣᠵᠠᠶ᠃ ᠪᠣᠯᠣᠳᠤᠨ ᠬᠣᠶᠠᠷ ᠭᠠᠷ ᠴᠣᠩᠬᠣᠨ ᠢᠷᠮᠡᠭ ᠡᠴᠡ ᠪᠠᠷᠢᠵᠤ ᠬᠠᠪᠲᠠᠰᠤᠨᠦ ᠵᠠᠭᠠᠭᠢᠶᠠᠷ ᠳᠣᠲᠣᠭᠰᠢ ᠱᠠᠭᠠᠢᠪᠠ᠃ ᠴᠠᠰᠤᠨᠳᠤ ᠭᠢᠯᠠᠰᠤᠭᠰᠠᠨ ᠨᠢᠳᠦ ᠨᠢ ᠬᠠᠷᠠᠩᠭᠤᠶ ᠭᠡᠷ ᠤᠷᠤᠭᠤ ᠤᠳᠠᠲᠠᠯ᠎ᠠ ᠬᠠᠷᠠᠭᠰᠠᠨ ᠪᠣᠯᠪᠠᠴᠤ ᠶᠠᠭᠤ ᠴᠤ᠌ ᠣᠯᠵᠤ ᠦᠵᠡᠭᠰᠡᠨ ᠥᠬᠡᠶ᠃ ᠶᠠᠭ ᠡᠨᠡ ᠦᠶᠡᠳᠦ ᠬᠠᠷᠠᠩᠭᠤᠶ ᠭᠡᠷ ᠳᠣᠲᠣᠷ᠎ᠠ ᠬᠥᠮᠦᠨᠤ ᠳᠠᠭᠤ ᠭᠠᠷᠬᠤ ᠰᠢᠭ᠋ ᠪᠣᠯᠤᠭᠰᠠᠨ ᠲᠤᠯᠠ ᠪᠣᠯᠤᠳ ᠮᠠᠯᠠᠭᠠᠶᠶᠢᠨ ᠴᠢᠬᠢᠪᠴᠢ ᠪᠠᠨ ᠰᠡᠬᠦᠵᠦ ᠥᠷᠥᠭᠡᠰᠦᠨ ᠴᠢᠬᠢ ᠪᠠᠨ ᠥᠨᠥᠬᠢ ᠵᠠᠪᠰᠠᠷ ᠳᠡᠭᠡᠷ᠎ᠡ ᠨᠠᠭᠠᠯᠳᠤᠭᠤᠯᠬᠤᠳᠦ ᠬᠠᠷᠠᠩᠭᠤᠶ ᠳᠣᠲᠣᠷᠠᠡᠴᠡ 《 ᠬᠡᠨ ᠪᠤᠢ?》 ᠭᠡᠰᠡᠨ ᠬᠠᠯᠠᠭᠤᠬᠠᠨ ᠳᠠᠭᠤᠨ ᠴᠢᠬᠢ ᠳ᠋ᠤᠨᠢ ᠲᠣᠪ ᠲᠣᠳᠣᠷᠬᠠᠶ ᠰᠣᠨᠣᠰᠳᠠᠭᠰᠠᠨᠳᠤ᠂ ᠶᠠᠭᠠᠬᠢᠬᠤᠶᠢᠨ ᠠᠷᠭ᠎ᠠ ᠥᠬᠡᠶ ᠪᠠᠶᠠᠷᠯᠠᠭᠰᠠᠨ ᠪᠣᠯᠣᠳ ᠦᠰᠦᠲᠡᠶ ᠮᠠᠯᠠᠭᠠᠶ ᠪᠠᠨ ᠮᠣᠯᠲᠣ ᠲᠠᠲᠠᠵᠤ ᠠᠪᠤᠭᠠᠳ ᠬᠠᠪᠲᠠᠰᠤᠨᠦ ᠵᠠᠪᠰᠠᠷᠢᠶᠠᠷ᠄
《 ᠪᠢ ᠂ ᠪᠢ ᠪᠣᠯᠣᠳ ᠴᠢᠨᠢ ᠂ ᠮᠥᠮᠥ ᠡ ᠂ ᠮᠥᠮᠥ ᠡ 》 ᠭᠡᠵᠦ ᠳᠠᠭᠤᠳᠠᠬᠤᠳᠦ᠄
《 ᠬᠦᠦ ᠮᠢᠨᠢ ᠂ ᠶᠠᠭᠤ ᠬᠢᠬᠦ ᠪᠡᠷ ᠢᠷᠡᠪᠡ? ᠳᠡᠭᠦᠦ ᠴᠢᠨᠢ?》
《 ᠳᠡᠭᠦᠦ ᠭᠡᠷ ᠲᠡᠬᠡᠨ ᠮᠥᠮᠥᠶᠢ ᠬᠦᠯᠢᠶᠡᠵᠦ ᠪᠠᠢᠨ᠎ᠠ᠃ ᠠᠪᠤ ᠬᠠᠮᠢᠭ᠎ᠠ ᠪᠠᠢᠨ᠎ᠠ ᠪᠤᠢ?》
《 ᠠᠪᠤ ᠲᠠᠶ ᠴᠢᠨᠢ ᠶᠡᠷᠦ ᠠᠭᠤᠯᠵᠠᠭ᠎ᠠ ᠥᠬᠡᠶ᠂ ᠬᠦᠦ ᠮᠢᠨᠢ ᠠᠪᠤ ᠪᠡᠨ ᠰᠤᠷᠠᠭᠯᠠᠵᠤ ᠦᠵᠡ᠂ ᠶᠠᠪᠤ᠂ ᠳᠡᠭᠦᠦ ᠪᠡᠨ ᠪᠦᠦ ᠭᠠᠯ ᠲᠣᠭᠣᠭᠠᠨᠳᠦ ᠣᠢᠷᠠᠲᠤᠭᠤᠯ ᠂ ᠮᠡᠳᠡᠪᠡ ᠦᠦ?》
《 ᠡᠩ ᠂ ᠡᠩ! ᠮᠥᠮᠥ ᠡ ᠂ ᠲᠠ ᠬᠡᠵᠢᠶ᠎ᠡ ᠬᠠᠷᠢᠬᠤ ᠪᠤᠢ?》
《 ᠦᠨᠡᠨ ᠴᠠᠭᠠᠨᠢᠶᠡᠨ ᠢᠯᠭᠠᠭᠰᠠᠨ ᠲᠡᠷᠡ ᠡᠳᠦᠷ᠃》
《 ᠥᠷᠢᠶᠡᠷ ᠭᠡᠨ᠎ᠡ? ᠲᠠᠨᠦ ᠪᠡᠶ᠎ᠡ ᠴᠢᠨᠢ ᠬᠠᠷᠢᠵᠤ ᠲᠡᠢᠯᠦᠨᠡ ᠦᠦ?》
《 ᠳᠡᠢᠯᠦᠨ᠎ᠡ᠂ ᠳᠡᠢᠯᠦᠨ᠎ᠡ! ᠠᠷᠠᠰᠤ ᠱᠠᠭᠠᠷᠠᠪᠠᠴᠤ ᠮᠢᠬ᠎ᠠ ᠣᠷᠭᠣᠨᠠ ᠂ ᠮᠢᠬ᠎ᠠ ᠰᠢᠯᠪᠤᠷᠠᠪᠠᠴᠤ ᠶᠠᠰᠤ ᠪᠠᠢᠨ᠎ᠠ᠃ ᠵᠠ ᠬᠦᠦ ᠮᠢᠨᠢ ᠡᠷᠲᠡᠬᠡᠨ ᠬᠠᠷᠢ ᠂ ᠪᠦᠬᠦᠭᠡᠭᠤᠨ ᠪᠤᠷᠭᠠᠰᠤᠨ ᠰᠠᠭᠰᠤᠨ ᠳᠣᠲᠣᠷ᠎ᠠ ᠨᠢᠭᠡ ᠪᠦᠳᠦᠭᠦᠨ ᠳᠠᠯᠤ ᠲᠡᠶ ᠬᠠ ᠪᠤᠢ᠃ ᠪᠢᠲᠡᠭᠦᠨᠤ ᠣᠷᠣᠢ ᠳᠡᠭᠦᠦ ᠲᠡᠶ ᠪᠠᠨ ᠬᠣᠶᠠᠭᠤᠯᠠ ᠪᠠᠩᠰᠢ ᠪᠠᠷᠢᠵᠤ ᠢᠳᠡᠭᠡᠷᠡᠶ! ᠬᠠᠷᠢ ᠡ ᠂ ᠬᠦᠦ ᠮᠢᠨᠢ! 》
ᠪᠣᠯᠣᠳᠦᠨ ᠬᠥᠯ ᠳᠤᠤᠷ᠎ᠠ ᠪᠤᠶᠠᠨ ᠬᠡᠲᠦ ᠤᠳᠠᠭ᠎ᠠ ᠬᠥᠳᠡᠯᠦᠯ᠎ᠡ᠃ ᠪᠣᠯᠣᠳ ᠲᠣᠩᠭᠤᠢᠨ ᠬᠠᠷᠠᠪᠠᠯ ᠪᠤᠶᠠᠨ ᠡᠮᠦᠨᠡᠰᠢ ᠪᠠᠨ ᠵᠢᠭᠠᠵᠤ ᠪᠠᠢᠯ᠎ᠠ᠃ ᠠᠵᠢᠭᠯᠠᠪᠠᠯ ᠬᠡᠳᠦᠨ ᠬᠥᠮᠦᠨᠤ ᠪᠠᠷᠠᠭᠠᠨ ᠰᠡᠭᠦᠳᠡᠷ ᠵᠢᠳᠠᠪ ᠵᠠᠳᠠᠪ ᠬᠠᠷᠠᠭᠳᠠᠬᠤ ᠲᠤᠯᠠ ᠪᠣᠯᠣᠳ ᠲᠦᠷᠭᠡᠨ ᠭᠡᠭᠴᠢ ᠦᠰᠦᠷᠦᠨ ᠪᠠᠭᠤᠭᠠᠳ ᠭᠡᠷᠤᠨ ᠥᠨᠴᠥᠭᠲᠤ ᠬᠣᠶᠠᠭᠤᠯᠠ ᠳᠠᠯᠳᠠᠯᠠᠪᠠ᠃
ᠡᠵᠢᠶᠢᠨᠢᠶᠡᠨ ᠬᠠᠯᠠᠭᠤᠨ ᠡᠯᠢᠭᠡᠨ ᠳᠡᠭᠡᠷ᠎ᠡ ᠡᠷᠬᠡᠯᠡᠵᠦ ᠂ ᠠᠮᠢᠯᠠᠯᠤᠨ ᠤᠭᠤᠷᠠᠭᠢ ᠨᠢ ᠠᠮᠲᠠᠷᠬᠠᠨ ᠰᠢᠮᠡᠵᠤ ᠥᠰᠦᠭᠰᠡᠨ ᠠᠷᠪᠠᠨ ᠬᠡᠲᠦ ᠲᠡᠶ ᠵᠢᠭᠠᠯ ᠬᠦᠦ ᠪᠣᠯᠣᠳ ᠂ ᠢᠰᠬᠡᠷᠦᠨ ᠱᠤᠤᠭᠢᠭᠰᠠᠨ ᠰᠢᠭᠤᠷᠭᠠᠨ ᠳᠤᠮᠳᠠ ᠰᠠᠢᠨ ᠨᠠᠢᠵᠠᠶᠢᠨᠢᠶᠡᠨ ᠨᠢᠷᠤᠭᠤᠨ ᠳᠡᠭᠡᠷ᠎ᠡ ᠵᠣᠭᠰᠣᠵᠤ ᠡᠵᠢ ᠲᠡᠶ ᠪᠡᠨ ᠶᠠᠷᠢᠯᠴᠠᠭᠰᠠᠨᠳᠠᠭᠠᠨ ᠪᠠᠶᠠᠷᠯᠠᠬᠤ ᠵᠣᠪᠠᠬᠤ ᠬᠤᠤᠰᠯᠠᠵᠤ ᠪᠠᠷᠢᠵᠤ ᠳᠡᠢᠯᠦᠰᠢ ᠥᠬᠡᠶ ᠨᠢᠯᠪᠤᠰᠤ ᠨᠢᠳᠦᠨ ᠳᠤᠨᠢ ᠪᠦᠷᠬᠦᠪᠡ᠃ ᠬᠦᠢᠲᠡᠨ ᠴᠢᠷᠠᠶ ᠳᠡᠭᠡᠷ᠎ᠡ ᠨᠢ ᠪᠥᠮᠪᠥᠷᠢᠵᠤ ᠪᠠᠢᠭ᠎ᠠ ᠬᠠᠯᠠᠭᠤᠨ ᠨᠢᠯᠪᠤᠰᠤ ᠬᠣᠷᠣᠬᠠᠶ ᠰᠢᠭ᠋ ᠬᠥᠪᠥᠭᠡᠨᠡᠭᠦᠯᠬᠦᠳᠤ ᠪᠣᠯᠣᠳ ᠂ ᠬᠥᠳᠥᠰᠥᠨ ᠳᠡᠪᠡᠯᠤᠨᠢᠶᠠᠨ ᠬᠠᠨᠴᠤ ᠪᠠᠷ ᠬᠦᠴᠦᠲᠡᠢᠬᠡᠨ ᠠᠷᠴᠢᠭᠠᠳ ᠪᠤᠶᠠᠨᠳᠠᠭᠠᠨ᠄
《 ᠶᠠᠪᠤᠶ᠎ᠠ! 》 ᠭᠡᠵᠦ ᠴᠢᠩᠭ᠎ᠠ ᠬᠡᠯᠡᠪᠡ ᠃
ᠭᠠᠷᠴᠤ ᠣᠳᠣᠭᠰᠠᠨ ᠲᠠᠶ ᠪᠠᠨ ᠠᠳᠠᠯᠢ ᠪᠣᠯᠣᠳ ᠂ ᠪᠤᠶᠠᠨ ᠬᠣᠶᠠᠭᠤᠯᠠ ᠪᠥᠭᠡᠮ ᠴᠠᠭᠠᠨ ᠠᠭᠤᠷᠦᠨ ᠳᠤᠮᠳᠠ ᠭᠡᠷ ᠲᠡᠬᠡᠨ ᠣᠷᠣᠵᠤ ᠢᠷᠡᠯ᠎ᠡ᠃
ᠲᠡᠮᠦᠷ ᠂ ᠲᠡᠷᠡ ᠬᠣᠶᠠᠷᠢ ᠲᠣᠩ ᠪᠠᠶᠠᠷᠯᠠᠨ ᠤᠭᠲᠤᠵᠤ :
《 ᠠᠬ᠎ᠠ ᠡ! ᠬᠠᠯᠠᠭᠤᠨ ᠴᠠᠢ ᠤᠤᠭᠤᠨ᠎ᠠ ᠦᠦ?》 ᠭᠡᠬᠦᠳᠦ ᠪᠣᠯᠣᠳ ᠂ ᠪᠤᠶᠠᠨ ᠬᠣᠶᠠᠷ ᠮᠠᠯᠠᠭᠠᠶ ᠂ ᠪᠡᠭᠡᠯᠡᠶ ᠪᠠᠨ ᠮᠣᠯᠲᠣ ᠮᠣᠯᠲᠣ ᠲᠠᠲᠠᠵᠤ ᠠᠪᠤᠭᠠᠳ ᠠᠪᠳᠠᠷ᠎ᠠ ᠳᠡᠭᠡᠷ᠎ᠡ ᠰᠢᠲᠠᠪᠠ᠃ ᠲᠡᠮᠦᠷ ᠂ ᠳᠣᠮᠪᠣ ᠲᠠᠶ ᠴᠠᠢ ᠪᠣᠯᠤᠨ ᠬᠣᠶᠠᠷ ᠠᠶᠠᠭ᠎ᠠ ᠪᠠᠷᠢᠵᠤ ᠢᠨᠢᠶᠡᠭᠰᠡᠭᠡᠷ :
《 ᠠᠬ᠎ᠠ ᠡ᠂ ᠪᠤᠶᠠᠨ ᠠᠬ᠎ᠠ ᠬᠠᠯᠠᠭᠤᠨ ᠴᠠᠢ ᠤᠤᠭᠤ! ᠪᠢ ᠰᠠᠶᠢ ᠬᠠᠯᠠᠭᠠᠭᠰᠠᠨ ᠰᠢᠤ! 》 ᠭᠡᠯᠡ᠃ ᠡᠨᠡ ᠦᠶᠡᠳᠦ ᠪᠣᠯᠣᠳ ᠰᠠᠶᠢ ᠳᠡᠭᠦᠦ ᠪᠡᠨ ᠬᠠᠷᠠᠭᠠᠳ ᠢᠨᠢᠶᠡᠴᠢᠬᠡᠪᠡ᠃ ᠪᠤᠶᠠᠨ ᠪᠠᠰᠠ ᠲᠡᠮᠦᠷᠢ ᠬᠠᠷᠠᠵᠤ ᠦᠵᠡᠭᠰᠡᠨ ᠴᠢᠨᠢ ᠤᠷᠤᠭᠤᠯ ᠳᠡᠭᠡᠭᠦᠷᠢᠶᠠᠨ ᠬᠦ ᠲᠡᠶ ᠬᠤᠷᠤᠭᠤ ᠪᠠᠷᠢᠶᠠᠨ ᠬᠥᠨᠳᠡᠯᠡᠨ ᠵᠦᠯᠭᠦᠭᠰᠡᠨ ᠪᠣᠯᠤᠯᠲᠠᠶ ᠂ 《 ᠬᠠᠷ᠎ᠠ ᠰᠠᠬᠠᠯ》 ᠵᠢᠷᠪᠠᠢᠵᠤ ᠪᠠᠢᠯ᠎ᠠ᠃ ᠬᠥ᠋ ᠪᠢᠯᠳᠠᠭᠰᠠᠨ ᠨᠢᠭᠤᠷ ᠳᠡᠭᠡᠷ᠎ᠡ ᠨᠢ ᠢᠨᠢᠶᠡᠳᠦ ᠠᠯᠳᠠᠭᠰᠠᠨ ᠬᠣᠶᠠᠷ ᠨᠢᠳᠦ ᠯᠡ ᠭᠡᠷᠡᠯᠳᠦᠨᠠ᠃ ᠦᠭᠡ ᠪᠡᠨ ᠬᠡᠯᠡᠵᠦ ᠴᠢᠳᠠᠬᠤ ᠥᠬᠡᠶ ᠪᠣᠯᠲᠠᠯ᠎ᠠ ᠬᠠᠳᠠᠭᠠᠨᠠᠨ ᠢᠨᠢᠶᠡᠭᠰᠡᠨ ᠬᠣᠶᠠᠷ ᠠᠬ᠎ᠠ ᠨᠢ ᠬᠠᠨᠠᠶᠢᠨ ᠳᠡᠭᠡᠷᠡᠬᠢ ᠲᠣᠯᠢᠶᠢ ᠵᠢᠭᠠᠭᠰᠠᠨᠳᠦ ᠲᠡᠮᠦᠷ ᠣᠴᠢᠵᠤ ᠵᠢᠰᠦ ᠪᠡᠨ ᠦᠵᠡᠭᠡᠳ ᠪᠠᠰᠠ ᠲᠡᠰᠬᠡᠯ ᠥᠬᠡᠶ ᠢᠨᠢᠶᠡᠴᠢᠬᠡᠯᠡ ᠃ ᠪᠣᠯᠣᠳ ᠂ ᠭᠡᠨᠡᠳᠲᠡ ᠢᠨᠢᠶᠡᠬᠦ ᠪᠡᠨ ᠪᠣᠯᠢᠵᠤ ᠳᠡᠭᠦᠦᠶᠢᠨᠢᠶᠡᠨ ᠥᠮᠥᠳᠥᠶᠢ ᠰᠢᠷᠲᠡᠨ ᠮᠡᠯᠡᠷᠡᠨ᠎ᠡ᠃ ᠲᠡᠮᠦᠷ ᠪᠠᠰᠠ ᠱᠠᠯ ᠨᠣᠷᠤᠭᠰᠠᠨ ᠪᠥᠭᠡᠳ ᠠᠯᠠᠭ᠎ᠠ ᠳᠠᠷᠤᠮ᠎ᠠ ᠴᠣᠭᠤᠷᠤᠭᠰᠠᠨ ᠥᠷᠥᠭᠡᠰᠦᠨ ᠰᠢᠷᠬᠤᠨᠠᠭᠢᠶᠠᠨ ᠬᠠᠷᠠᠭᠠᠳ᠄
《 ᠬᠠᠶ ᠂ ᠰᠠᠶᠢ ᠭᠠᠯ ᠲᠦᠯᠡᠵᠦ ᠪᠠᠢᠭᠠᠳ ᠨᠢᠭᠡ ᠮᠡᠳᠡᠭᠰᠡᠨ ᠴᠢᠨᠢ ᠡᠨᠡ ᠮᠠᠭᠤ ᠥᠮᠥᠳᠥ ᠬᠠᠷᠢᠨ ᠰᠢᠲᠠᠵᠤ ᠪᠠᠢᠬᠤ ᠶᠤᠮ ᠪᠢᠯᠡ᠃ ᠲᠡᠭᠡᠭᠡᠳ ᠪᠢ ᠴᠢᠨᠢ ᠰᠠᠭᠤᠯᠠᠭ᠎ᠠ ᠲᠠᠶ ᠤᠰᠤᠨᠳᠤ ᠫᠦᠯᠦᠩᠭᠢᠲᠡᠯᠡ ᠤᠷᠤᠭᠰᠠᠨ ᠴᠢᠨᠢ ᠠᠪ ᠠᠮᠠᠷᠬᠠᠨ ᠤᠨᠲᠠᠷᠠᠴᠢᠬᠠᠯᠠ ᠰᠢᠤ 》 ᠭᠡᠵᠦ ᠣᠰᠤᠯᠳᠤᠭᠰᠠᠨ ᠴᠤ᠌ ᠶᠤᠮ ᠰᠢᠭ᠋ ᠂ ᠣᠮᠣᠭᠰᠢᠭᠰᠠᠨ ᠴᠤ᠌ ᠶᠤᠮ ᠰᠢᠭ᠋ ᠶᠠᠷᠢᠨ᠎ᠠ ᠃
ᠪᠣᠯᠣᠳ᠂ ᠠᠪᠤ ᠡᠵᠢᠶᠢᠨ ᠥᠭᠭᠦᠭᠰᠡᠨ ᠡᠭᠦᠷᠭᠡᠶᠢ ᠰᠠᠢᠬᠠᠨ ᠪᠡᠶᠡᠯᠡᠭᠦᠯᠵᠦ ᠴᠢᠳᠠᠭᠰᠠᠨ ᠥᠬᠡᠶᠳᠡᠭᠡᠨ ᠬᠠᠷᠠᠮᠰᠠᠵᠤ ᠥᠷᠥᠭᠡᠰᠦᠨ ᠡᠪᠦᠳᠦᠭᠢᠶᠡᠷᠢᠶᠡᠨ ᠰᠥᠭᠥᠳᠴᠦ ᠬᠠᠢᠷᠠᠲᠤ ᠳᠡᠭᠦᠦ ᠪᠡᠨ ᠲᠡᠪᠡᠷᠢᠨ᠎ᠡ᠃ ᠠᠷᠪᠠᠨ ᠬᠡᠲᠦ ᠲᠡᠶ ᠵᠢᠭᠠᠯ ᠬᠦᠦ ᠪᠣᠯᠣᠳ ᠂ ᠠᠩᠬ᠎ᠠ ᠳᠡᠭᠡᠳᠦ ᠡᠴᠡ ᠤᠯᠠᠮᠵᠢᠯᠠᠭᠳᠠᠵᠤ ᠢᠷᠡᠭᠰᠡᠨ ᠠᠷᠢᠭᠤᠨ ᠵᠠᠩᠰᠢᠯᠢᠶᠠᠷ ᠳᠡᠭᠦᠦᠶᠢᠨᠢᠶᠡᠨ ᠬᠥ ᠲᠡᠶ ᠬᠣᠶᠠᠷ ᠬᠠᠴᠠᠷᠢ ᠢᠯᠪᠢᠵᠦ ᠮᠠᠩᠨᠠᠶ ᠳᠡᠭᠡᠷ᠎ᠡ ᠨᠢ ᠦᠨᠦᠰᠬᠦᠳᠡᠭᠡᠨ᠂ ᠦᠰᠦ ᠭᠡᠵᠢᠭᠡ ᠨᠢ ᠣᠷᠣᠳᠠᠯ᠎ᠠ ᠭᠠᠯᠳᠦ ᠰᠢᠲᠠᠭᠳᠠᠨ ᠰᠢᠷᠠᠯᠠᠭᠰᠠᠨᠢ ᠦᠵᠡᠭᠡᠳ ᠨᠠᠰᠤ ᠪᠠᠭ᠎ᠠ ᠴᠢᠰᠤ ᠰᠢᠩᠭᠡᠨ ᠪᠣᠯᠪᠠᠴᠤ ᠬᠠᠯᠠ ᠦᠵᠡᠵᠦ ᠬᠠᠯᠠᠭᠤᠨ ᠴᠢᠯᠠᠭᠤ ᠳᠣᠯᠢᠶᠠᠵᠤ ᠶᠠᠪᠤᠭᠰᠠᠨ ᠬᠠᠰᠢᠷ ᠬᠥᠮᠦᠨᠦ ᠰᠡᠳᠬᠢᠯ ᠵᠢᠷᠦᠬᠡ ᠨᠢ ᠤᠶᠠᠷᠠᠨ ᠡᠪᠬᠡᠷᠡᠬᠦ ᠮᠡᠲᠦ ᠪᠡᠷ ᠬᠠᠮᠠᠷ ᠨᠢ ᠪᠤᠷᠬᠢᠷᠠᠯᠠ ᠃
ᠡᠳᠡᠭᠡᠷᠢ ᠦᠵᠡᠭᠡᠳ ᠦᠭᠡ ᠳᠠᠭᠤᠨ ᠥᠬᠡᠶ ᠪᠠᠢᠭᠰᠠᠨ ᠪᠤᠶᠠᠨ᠄
《 ᠥᠮᠥᠲᠥ ᠪᠡᠨ ᠬᠤᠷᠳᠤᠬᠠᠨ ᠲᠠᠢᠯ᠂ ᠪᠢ ᠮᠥᠮᠥᠳᠡᠭᠡᠨ ᠠᠪᠠᠴᠢᠵᠦ ᠥᠭᠭᠦᠶ᠎ᠡ 》 ᠭᠡᠵᠦ ᠰᠠᠨᠠᠭᠤᠯᠤᠨ᠎ᠠ᠃ ᠪᠤᠶᠠᠨᠦ ᠡᠵᠢ ᠡᠳᠡᠨᠢ ᠦᠷᠭᠦᠯᠵᠢ ᠬᠠᠷᠠᠮ ᠥᠬᠡᠶ ᠳᠠᠮᠵᠢᠵᠤ ᠪᠠᠢᠳᠠᠭ ᠪᠥᠭᠡᠳ ᠡᠨᠡ ᠬᠣᠶᠠᠷ ᠠᠢᠯ ᠤᠤᠯᠠᠴᠠ ᠪᠠᠨ ᠨᠢᠭᠡ ᠨᠢ ᠳᠠᠷᠤᠭ᠎ᠠ᠂ ᠨᠥᠬᠥᠭᠡ ᠨᠢ ᠲᠡᠷᠭᠡᠴᠢᠨ ᠭᠡᠬᠦ ᠢᠯᠭᠠᠭ᠎ᠠ ᠥᠬᠡᠶ ᠰᠦ ᠴᠠᠢ ᠰᠢᠭ᠋ ᠨᠡᠢᠯᠡᠳᠡᠭ ᠲᠤᠯᠠ ᠪᠣᠯᠤᠳ ᠂ ᠳᠡᠭᠦᠦᠶᠢᠨᠢᠶᠡᠨ ᠥᠮᠦᠳᠦᠶᠢ ᠲᠠᠢᠯᠵᠤ ᠪᠤᠶᠠᠨᠳᠤ ᠥᠭᠭᠦᠭᠡᠳ ᠳᠡᠭᠦᠦ ᠪᠠᠨ ᠣᠷᠣᠨ ᠳᠡᠭᠡᠷ᠎ᠡ ᠲᠡᠪᠡᠷᠢᠨ ᠭᠠᠷᠭᠠᠵᠤ ᠡᠵᠢᠶᠢᠨᠢᠶᠡᠨ ᠬᠤᠷᠠᠭᠠᠨ ᠳᠡᠪᠡᠯᠢᠶᠡᠷ ᠣᠷᠢᠶᠠᠵᠤ ᠰᠠᠭᠤᠯᠭᠠᠪᠠ ᠃
ᠡᠨᠡ ᠵᠢᠯᠦᠨ ᠪᠢᠲᠡᠭᠦᠨ᠂ ᠶᠡᠬᠡ ᠬᠦᠢᠲᠡᠨ ᠪᠥᠭᠡᠳ ᠰᠠᠯᠬᠢ ᠲᠠᠶ᠃ ᠳᠡᠰ ᠬᠠᠷᠠᠩᠭᠤᠶ ᠵᠢᠬᠡᠭᠦᠨ ᠣᠭᠲᠠᠷᠭᠤᠶᠳᠦ ᠬᠠᠶᠠ ᠨᠢᠭᠡ ᠬᠣᠶᠠᠷ ᠫᠤᠤᠵᠢᠩ ᠤᠷᠮ᠎ᠠ ᠦᠭᠡᠢᠬᠡᠨ ᠫᠦᠳ ᠬᠢᠨ ᠳᠤᠤᠭᠠᠷᠴᠦ ᠂ ᠲᠡᠭᠦᠨᠦ ᠠᠷᠤᠡᠴᠡ ᠬᠦᠢᠲᠡᠨ ᠡᠴᠡ ᠠᠶᠤᠭᠰᠠᠨ ᠨᠣᠬᠠᠳ ᠠᠯᠪᠠ ᠬᠠᠭᠠᠵᠤ ᠪᠠᠢᠬᠤ ᠰᠢᠭ᠋ᠢᠶᠡᠷ ᠮᠥᠨ ᠤᠷᠮ᠎ᠠ ᠦᠭᠡᠶᠢᠬᠡᠨ ᠬᠤᠴᠠᠭᠠᠳ ᠬᠣᠩᠰᠢᠶᠠᠷ ᠨᠢᠭᠤᠨ ᠬᠡᠪᠲᠡᠨ᠎ᠡ ᠃
ᠪᠣᠯᠣᠳ ᠂ ᠲᠡᠮᠦᠷ ᠬᠣᠶᠠᠷ ᠲᠣᠭᠣᠭᠠᠨ ᠭᠡᠷ ᠲᠡᠬᠡᠨ ᠦᠭᠡ ᠳᠠᠭᠤᠨ ᠥᠬᠡᠶ ᠶᠠᠭᠠᠷᠠᠵᠤ ᠯᠠ ᠪᠠᠢᠯ᠎ᠠ᠃ ᠨᠢᠭᠡ ᠨᠢ ᠲᠠᠪ ᠲᠠᠷᠭᠤᠨ ᠠᠯᠠᠭ ᠮᠢᠬ᠎ᠠ ᠪᠠᠷ ᠢᠳᠡᠭᠡ ᠳᠠᠪᠲᠠᠨ᠎ᠠ᠃ ᠨᠢᠭᠡ ᠨᠢ ᠵᠤᠤᠬᠠᠨᠳᠦ ᠭᠠᠯ ᠨᠡᠮᠠᠨᠠ ᠃
ᠡᠨᠡ ᠦᠶᠡᠳᠦ ᠰᠠᠶᠢᠬᠠᠨ ᠭᠡᠷ ᠲᠡᠬᠡᠨ ᠬᠠᠷᠢᠭᠰᠠᠨ ᠪᠤᠶᠠᠨ ᠮᠥᠨ ᠪᠥᠭᠡᠮ ᠴᠠᠭᠠᠨ ᠠᠭᠤᠷᠢᠶᠠᠷ ᠪᠠᠭᠯᠠᠭᠳᠠᠨ ᠣᠷᠣᠵᠤ ᠢᠷᠡᠯ᠎ᠡ ᠃ ᠲᠡᠪᠡᠷᠢᠵᠦ ᠢᠷᠡᠭᠰᠡᠨ ᠬᠣᠶᠠᠷ ᠴᠠᠭᠠᠨ ᠨᠣᠭᠣᠭ᠎ᠠ ᠪᠣᠯᠤᠨ ᠨᠢᠭᠡ ᠪᠠᠭᠯᠠᠭ᠎ᠠ ᠰᠣᠩᠭᠢᠨ᠎ᠠ ᠪᠠᠨ ᠭᠠᠵᠠᠷ ᠲᠠᠯᠪᠢᠭᠠᠳ᠄
《 ᠵᠠ ᠂ ᠣᠳᠣ ᠪᠦᠷᠢᠳᠴᠡᠶ》 ᠭᠡᠯᠡ᠃ ᠲᠡᠭᠡᠭᠡᠳ ᠡᠪᠦᠷ ᠳᠣᠲᠣᠷᠠᠡᠴᠡ ᠪᠠᠨ ᠨᠢᠭᠡᠨ ᠴᠠᠭᠠᠰᠤᠨ ᠪᠣᠭᠣᠳᠠᠯ ᠭᠠᠷᠭᠠᠵᠤ ᠪᠣᠯᠣᠳᠲᠤ᠄
《 ᠮᠠᠶ! ᠠᠪᠤ ᠮᠢᠨᠢ ᠲᠠ ᠬᠣᠶᠠᠷᠲᠤ ᠥᠭᠭᠦᠭᠰᠡᠨ》 ᠭᠡᠯᠡ ᠃
ᠵᠤᠤᠬᠠᠨ ᠠᠮᠠᠰᠠᠷᠲᠤ ᠰᠠᠭᠤᠵᠤ ᠪᠠᠢᠭ᠍ᠰᠠᠨ ᠲᠡᠮᠦᠷ ᠭᠦᠶᠦᠨ ᠪᠣᠰᠴᠤ ᠪᠣᠯᠣᠳᠦᠨ ᠪᠠᠷᠢᠵᠤ ᠪᠠᠢᠭ᠎ᠠ ᠪᠣᠭᠣᠳᠠᠯᠢ ᠲᠤᠰᠴᠤ ᠠᠪᠤᠭᠠᠳ 《 ᠶᠠᠮᠠᠷ ᠶᠠᠭᠤᠮ᠎ᠠ ᠪᠤᠢ?》 ᠭᠡᠵᠦ ᠠᠰᠠᠭᠤᠩᠭᠤᠳᠠ ᠪᠠᠨ ᠵᠠᠳᠠᠯᠤᠯ᠎ᠠ᠃ ᠴᠠᠭᠠᠰᠤᠨ ᠳᠣᠲᠣᠷᠠᠡᠴᠡ ᠠᠷᠠᠭᠠᠲᠤ ᠬᠥᠪᠡᠭᠡ ᠲᠠᠶ ᠬᠣᠶᠠᠷ ᠶᠧᠪᠢᠩ ᠭᠠᠷᠴᠤ ᠢᠷᠡᠪᠡ ᠃
ᠪᠣᠯᠣᠳ ᠂ ᠠᠯᠠᠭᠠᠨ ᠳᠡᠭᠡᠷᠡᠬᠢ ᠶᠧᠪᠢᠩᠢᠶᠠᠨ ᠶᠠᠮᠠᠷ ᠨᠢᠭᠡᠨ ᠬᠥᠨᠳᠡᠵᠦ ᠪᠣᠯᠤᠰᠢ ᠥᠬᠡᠶ ᠬᠡᠪᠡᠷᠡᠭ ᠡᠷᠳᠡᠨᠢ ᠪᠠᠷᠢᠵᠤ ᠪᠠᠢᠭ᠎ᠠ ᠰᠢᠭ᠋ ᠡᠷᠬᠢᠮᠯᠡᠵᠦ ᠥᠭᠡ ᠳᠠᠭᠤᠨ ᠥᠬᠡᠶ ᠪᠠᠢᠭ᠍ᠰᠠᠭᠠᠷ ᠨᠢᠳᠦᠨ ᠳ᠋ᠤᠨᠢ ᠨᠢᠯᠪᠤᠰᠤ ᠬᠤᠷᠠᠪᠠ᠃ ᠲᠡᠮᠦᠷ ᠂ ᠮᠡᠯᠡᠷᠡᠨ ᠵᠣᠭᠰᠣᠵᠤ ᠪᠠᠢᠭ᠎ᠠ ᠠᠬ᠎ᠠ ᠪᠠᠨ ᠭᠠᠢᠬᠠᠭᠰᠠᠨ ᠪᠣᠯᠪᠠᠴᠤ ᠬᠡᠳᠦᠨ ᠡᠳᠦᠷᠦᠨ ᠲᠤᠷᠰᠢ ᠠᠪᠤ ᠡᠵᠢ ᠨᠢ ᠭᠡᠷ ᠲᠡᠬᠡᠨ ᠥᠬᠡᠶ ᠲᠤᠯᠠ ᠴᠣᠷᠢᠶᠢᠨ ᠭᠠᠭᠴᠠ ᠠᠬᠠᠮᠠᠳ ᠬᠡᠮᠡᠨ ᠬᠦᠨᠳᠦᠳᠬᠡᠳᠡᠭ ᠪᠣᠯᠤᠭᠰᠠᠨ ᠲᠤᠯᠠ ᠮᠥᠨ ᠯᠡ ᠦᠭᠡ ᠳᠠᠭᠤᠨ ᠥᠬᠡᠶ ᠵᠣᠭᠰᠣᠨ᠎ᠠ ᠃
ᠥᠩᠭᠡᠷᠡᠭᠰᠡᠨ ᠵᠢᠯᠤᠳᠤᠨ ᠪᠢᠲᠡᠭᠦᠨᠳᠤ ᠠᠪᠤ ᠨᠢ ᠶᠠᠭᠠᠷᠠᠯᠲᠠᠶ ᠠᠵᠢᠯᠠᠴᠠ ᠪᠡᠨ ᠪᠤᠴᠠᠵᠤ ᠢᠷᠡᠬᠦ ᠳᠡᠭᠡᠨ ᠪᠣᠭᠴᠤ ᠡᠴᠠ ᠪᠡᠨ ᠡᠢᠮᠦ ᠬᠣᠶᠠᠷ ᠶᠧᠪᠢᠩ ᠭᠠᠷᠭᠠᠵᠤ ᠬᠣᠶᠠᠷ ᠬᠥᠪᠡᠭᠦᠨᠳᠡᠭᠡᠨ ᠥᠭᠲᠡᠭ ᠪᠠᠢᠭ᠍ᠰᠠᠨ᠃ ᠨᠢᠳᠤᠨᠤᠨ ᠵᠢᠯᠦᠨ ᠪᠢᠲᠡᠭᠦᠨᠳᠦ ᠠᠪᠤ ᠨᠢ ᠲᠤᠩ ᠣᠷᠣᠢ ᠬᠠᠷᠢᠵᠤ ᠢᠷᠡᠵᠡᠢ᠃ ᠲᠡᠷᠡ ᠦᠶᠡᠳᠦ ᠶᠡᠬᠡ ᠪᠠᠭ᠎ᠠ ᠵᠡᠷᠭᠡ ᠲᠤᠰᠢᠶᠠᠯ ᠲᠠᠶ ᠬᠥᠮᠦᠰ ᠬᠠᠷ᠎ᠠ ᠫᠠᠢᠰᠠ ᠵᠡᠭᠦᠵᠦ ᠵᠡᠭᠡᠯᠢ ᠭᠤᠳᠤᠮᠵᠢ ᠲᠣᠭᠣᠷᠢᠳᠠᠭ ᠪᠠᠢᠯ᠎ᠠ᠃ ᠪᠣᠯᠣᠳ ᠂ ᠲᠡᠮᠦᠷ ᠂ ᠡᠵᠢ ᠲᠡᠶ ᠪᠡᠨ ᠭᠤᠷᠪᠠᠭᠤᠯᠠ ᠪᠢᠲᠡᠭᠦᠨᠦ ᠪᠠᠩᠰᠢ ᠪᠡᠨ ᠪᠠᠷᠢᠵᠤ ᠪᠠᠷᠠᠭᠠᠳ ᠨᠠᠯᠢᠶᠠᠳ ᠬᠦᠯᠢᠶᠡᠭᠰᠡᠨᠤ ᠬᠣᠢᠨ᠎ᠠ ᠠᠪᠤ ᠨᠢ ᠰᠠᠶᠢ ᠢᠨᠢᠶᠡᠭᠰᠡᠭᠡᠷ ᠣᠷᠣᠵᠤ ᠢᠷᠡᠵᠡᠢ᠃ ᠬᠡᠳᠦᠢᠪᠡᠷ ᠠᠷᠠᠰᠤᠨ ᠮᠠᠯᠠᠭᠠᠶ ᠲᠠᠶ ᠪᠣᠯᠪᠠᠴᠤ ᠬᠣᠶᠠᠷ ᠴᠢᠬᠢ ᠨᠢ ᠬᠠᠷ᠎ᠠ ᠪᠣᠷᠣ ᠪᠣᠯᠲᠠᠯ᠎ᠠ ᠪᠠᠨ ᠬᠥᠯᠳᠡᠵᠦ ᠳᠡᠪᠡᠯᠦᠨ ᠬᠢᠨᠢ ᠲᠣᠪᠴᠢ ᠨᠢ ᠬᠦᠷᠲᠡᠯ᠎ᠡ ᠤᠨᠠᠴᠢᠬᠠᠭᠰᠠᠨ ᠪᠠᠢᠪᠠ᠃ ᠡᠳᠡᠭᠡᠷᠢ ᠠᠴᠢᠭᠯᠠᠭᠰᠠᠨ ᠴᠤ᠌ ᠥᠬᠡᠶ ᠲᠡᠮᠦᠷ ᠂ ᠠᠪᠤ ᠤᠷᠤᠭᠤ ᠪᠠᠨ ᠦᠰᠦᠷᠦᠨ ᠣᠴᠢᠵᠤ ᠬᠣᠶᠠᠷ ᠭᠠᠷᠠᠴᠠ ᠨᠢ ᠴᠢᠩᠭᠠᠭᠠᠳ :
《 ᠨᠠᠳᠠ ᠶᠧᠪᠢᠩ ᠠᠪ ᠴᠢᠷᠠᠵᠤ ᠥᠭᠪᠡ ᠦᠦ?》 ᠭᠡᠯᠡ᠃ ᠠᠪᠤ ᠨᠢ ᠲᠣᠯᠣᠭᠠᠢᠶᠢ ᠨᠢ ᠢᠯᠪᠢᠵᠦ :
《 ᠠᠪᠤ ᠨᠢ ᠮᠠᠷᠲᠠᠭᠰᠠᠨ ᠥᠬᠡᠶ ᠂ ᠭᠡᠪᠡᠴᠦ ᠥᠨᠥᠳᠦᠷ ᠬᠤᠷᠠᠯᠳᠦ ᠣᠷᠣᠯᠴᠠᠭᠠᠳ ᠣᠷᠣᠢᠲᠠᠴᠢᠬᠠᠯᠠ》 ᠭᠡᠵᠦ ᠢᠨᠢᠶᠡᠮᠰᠦᠭᠯᠡᠬᠦᠳᠦ ᠡᠵᠢ ᠨᠢ ᠨᠣᠢᠲᠠᠨ ᠠᠯᠴᠢᠭᠤᠷ ᠠᠪᠴᠢᠷᠠᠵᠤ ᠠᠪᠤ ᠳ᠋ᠤᠨᠢ ᠥᠭᠭᠦᠭᠡᠳ᠄
《 ᠨᠢᠭᠤᠷᠢᠶᠡᠨ ᠠᠷᠴᠢᠯ ᠳ᠋ᠠ ᠂ ᠬᠠᠴᠠᠷ ᠳᠡᠭᠡᠷ᠎ᠡ ᠴᠢᠨᠢ ᠁》 ᠭᠡᠰᠡᠢᠶᠡᠨ
《 ᠬᠦᠦ ᠮᠢᠨᠢ ᠂ ᠠᠪᠤ ᠴᠢᠨᠢ ᠮᠠᠷᠲᠠᠭᠰᠠᠨ ᠥᠬᠡᠶ ᠰᠢᠤ ᠂ ᠡᠨᠡ ᠬᠡᠳᠦᠨ ᠬᠣᠨᠣᠭ ᠬᠣᠷᠰᠢᠶ᠎ᠠ ᠡᠭᠦᠳᠡ ᠪᠡᠨ ᠣᠩᠭᠣᠢᠯᠭᠠᠭᠰᠠᠨ ᠥᠬᠡᠶᠶᠢ ᠮᠡᠳᠡᠬᠦ ᠥᠬᠡᠶ ᠦᠦ?》 ᠭᠡᠵᠦ ᠲᠡᠮᠦᠷᠢ ᠢᠳᠬᠠᠨ᠎ᠠ ᠃
ᠠᠪᠤᠶᠢᠨᠢᠶᠡᠨ ᠨᠢᠭᠤᠷᠤᠨ ᠠᠯᠴᠢᠭᠤᠷᠢ ᠲᠤᠰᠴᠤ ᠠᠪᠤᠭᠠᠳ ᠭᠠᠳᠠᠷ ᠲᠠᠰᠤᠯᠭᠠᠨᠳᠦ ᠭᠠᠷᠴᠤ ᠪᠠᠢᠭ᠎ᠠ ᠪᠣᠯᠣᠳ᠄
《 ᠲᠡᠮᠦᠷ ᠡ ᠂ ᠨᠠᠰᠢ ᠪᠠᠨ ᠢᠷ᠎ᠡ 》 ᠭᠡᠵᠦ ᠳᠡᠭᠦᠦ ᠪᠡᠨ ᠳᠠᠭᠤᠳᠠᠪᠠ᠃ ᠪᠣᠯᠣᠳ ᠂ ᠥᠨᠥᠬᠢ ᠠᠯᠴᠢᠭᠤᠷᠢᠶᠡᠨ ᠳᠡᠭᠦᠦᠶᠢᠨᠢᠶᠡᠨ ᠡᠮᠦᠨ᠎ᠡ ᠪᠠᠷᠢᠵᠤ᠄
《 ᠦᠵᠡ ᠂ ᠡᠨᠡ ᠶᠠᠭᠤ ᠪᠤᠢ?》 ᠭᠡᠯᠡ ᠃
《 ᠡᠨ? ᠴᠢᠰᠤ! ᠶᠠᠭᠠᠬᠢᠭᠠᠳ ᠴᠢᠰᠤ ᠪᠣᠯᠴᠢᠬᠠᠪᠠ?》 ᠭᠡᠵᠦ ᠲᠡᠮᠦᠷ ᠰᠣᠴᠢᠪᠠ ᠃
《 ᠴᠢ ᠶᠠᠭᠤ ᠴᠤ᠌ ᠮᠡᠳᠡᠬᠦ ᠥᠬᠡᠶ ᠁》 ᠭᠡᠵᠦ ᠪᠣᠯᠣᠳ ᠳᠡᠭᠦᠦ ᠪᠡᠨ ᠵᠢᠮᠡᠯᠡᠬᠦᠳᠤ ᠳᠣᠲᠣᠷ᠎ᠠ ᠲᠠᠰᠤᠯᠭᠠᠨᠠᠴᠠ ᠠᠪᠤ ᠨᠢ :
《 ᠲᠡᠮᠦᠷ ᠡ ᠂ ᠪᠣᠯᠣᠳ ᠡ ᠂ ᠠᠪᠤ ᠨᠢ ᠢᠷᠡᠬᠦ ᠵᠢᠯᠤᠨ ᠪᠢᠲᠡᠭᠦᠨᠳᠤ ᠲᠠ ᠨᠠᠷᠲᠤ ᠯᠠᠪ ᠨᠥᠬᠥᠵᠦ ᠥᠭᠭᠦᠨ᠎ᠡ! ᠥᠨᠥ ᠵᠢᠯ᠂ ᠪᠢᠲᠡᠭᠦᠨᠦ ᠪᠠᠩᠰᠢ ᠪᠡᠨ ᠢᠯᠡᠭᠦᠬᠡᠨ ᠢᠳᠡ ᠂ ᠶᠠᠮᠠᠷ ᠪᠤᠢ ᠂ ᠪᠣᠯᠤᠨ᠎ᠠ ᠦᠦ?》 ᠭᠡᠵᠦ ᠬᠡᠯᠡᠵᠡᠶ᠃
ᠣᠳᠣ ᠪᠣᠯᠣᠳ ᠂ ᠪᠠᠷᠢᠵᠤ ᠪᠠᠢᠭ᠎ᠠ ᠬᠣᠶᠠᠷ ᠶᠧᠪᠢᠩᠢᠶᠠᠨ ᠨᠢᠭᠡ ᠨᠢᠭᠡ ᠪᠡᠷ ᠨᠢ ᠴᠠᠭᠠᠰᠤᠨ ᠳᠡᠭᠡᠷ᠎ᠡ ᠲᠠᠯᠪᠢᠭᠠᠳ᠄
《 ᠴᠢ ᠡᠭᠦᠨᠢ ᠠᠪᠤᠳᠦ ᠂ ᠪᠢ ᠡᠭᠦᠨᠢ ᠡᠵᠢᠳᠦ ᠪᠠᠭᠯᠠᠵᠤ ᠥᠭᠭᠦᠶ᠎ᠡ ᠂ ᠪᠣᠯᠤᠨ᠎ᠠ ᠦᠦ?》 ᠭᠡᠵᠦ ᠠᠰᠠᠭᠤᠭᠰᠠᠨ ᠮᠠᠶᠢᠭ᠋ ᠲᠠᠶ ᠬᠡᠯᠡᠪᠡ᠃ ᠲᠡᠮᠦᠷᠦᠨ ᠨᠢᠳᠦᠨᠳᠦ ᠪᠠᠶᠠᠷᠯᠠᠭᠰᠠᠨ ᠬᠠᠷᠠᠴᠠ ᠢᠯᠡᠷᠡᠵᠦ᠄
《 ᠶᠠᠷᠢᠶᠠᠨ ᠥᠬᠡᠶ ᠪᠣᠯᠤᠨ᠎ᠠ 》 ᠭᠡᠳ ᠲᠣᠯᠣᠭᠠᠶ ᠳᠣᠬᠢᠨ᠎ᠠ᠃ ᠲᠡᠭᠡᠭᠡᠳ ᠠᠬ᠎ᠠ ᠳᠡᠭᠦᠦ ᠬᠣᠶᠠᠭᠤᠯᠠ ᠶᠧᠪᠢᠩᠢᠶᠡᠨ ᠶᠠᠭ ᠪᠣᠭᠣᠬᠤ ᠭᠡᠵᠦ ᠪᠠᠢᠲᠠᠯ᠎ᠠ ᠦᠭᠡ ᠳᠠᠭᠤᠨ ᠥᠬᠡᠶ ᠳᠡᠷᠭᠡᠳᠡ ᠨᠢ ᠵᠣᠭᠰᠣᠵᠤ ᠪᠠᠢᠭ᠍ᠰᠠᠨ ᠪᠤᠶᠠᠨ :
《 ᠪᠠᠢᠵᠠ! 》 ᠭᠡᠳ ᠬᠠᠷᠮᠠᠨᠡᠴᠡ ᠪᠠᠨ ᠨᠢᠭᠡ ᠠᠳᠬᠤ ᠰᠢᠬᠢᠷ ᠭᠠᠷᠭᠠᠵᠤ ᠶᠧᠪᠢᠩ ᠪᠣᠯᠭᠠᠨ ᠳᠡᠭᠡᠷ᠎ᠡ ᠭᠤᠷᠪᠠ ᠭᠤᠷᠪᠠᠨ ᠰᠢᠬᠢᠷ ᠲᠠᠯᠪᠢᠭᠠᠳ᠄
《 ᠵᠠ ᠂ ᠢᠩᠭᠡᠭᠡᠳ ᠴᠣᠭ ᠲᠤᠨᠢ ᠪᠣᠭᠣᠴᠢᠬᠠ! 》 ᠭᠡᠯᠡ ᠃
ᠭᠤᠷᠪᠠᠨ ᠬᠡᠦᠬᠡᠳ ᠨᠡᠯᠢᠶᠡᠳ ᠤᠷᠤᠯᠳᠤᠭᠰᠠᠭᠠᠷ ᠪᠠᠢᠵᠤ ᠢᠳᠡᠭᠡ ᠂ ᠭᠤᠯᠢᠷᠢᠶᠠᠨ ᠪᠡᠯᠡᠬᠡᠨ ᠪᠣᠯᠭᠠᠭᠠᠳ ᠪᠠᠩᠰᠢ ᠪᠠᠷᠢᠵᠤ ᠡᠬᠢᠯᠡᠪᠡ᠃ ᠪᠣᠯᠣᠳ ᠂ ᠭᠤᠯᠢᠷ ᠬᠦᠪᠦᠷᠳᠡᠵᠦ ᠂ ᠪᠤᠶᠠᠨ ᠂ ᠲᠡᠮᠦᠷ ᠬᠣᠶᠠᠷ ᠪᠠᠩᠰᠢ ᠪᠣᠭᠤᠨ᠎ᠠ᠃ ᠪᠣᠯᠣᠳ ᠬᠡᠳᠦᠢᠪᠡᠷ ᠲᠣᠯᠣᠭᠠᠶ ᠳᠦᠭᠦᠷᠡᠩ ᠬᠥᠯᠥᠰᠥ ᠠᠰᠬᠠᠷᠠᠭᠤᠯᠤᠨ᠂ ᠬᠣᠶᠠᠷ ᠭᠠᠷᠢᠶᠡᠷᠢᠶᠡᠨ ᠬᠦᠴᠢᠷᠲᠠᠢᠬᠡᠨ ᠬᠥᠪᠦᠷᠳᠡᠵᠦ ᠪᠠᠢᠭ᠍ᠰᠠᠨ ᠴᠤ᠌ ᠲᠡᠮᠦᠷ ᠂ ᠪᠣᠶᠠᠨ ᠬᠣᠶᠠᠷᠤᠨ ᠠᠷᠪᠠᠨ ᠬᠣᠷᠤᠭᠤ ᠠᠷᠪᠠᠯᠵᠠᠵᠤ ᠂ ᠶᠠᠮᠠᠷ ᠨᠢᠭᠡᠨ ᠠᠮᠢ ᠲᠠᠶ ᠭᠤᠤᠯ ᠲᠠᠶ ᠰᠢᠪᠠᠭᠤᠶᠢ ᠨᠣᠮᠣᠬᠠᠳᠬᠠᠨ ᠶᠠᠳᠠᠵᠤ ᠪᠠᠢᠭ᠎ᠠ ᠰᠢᠭ᠋ ᠶᠠᠭᠠᠷᠠᠨ᠎ᠠ ᠃
ᠡᠳᠡ ᠭᠤᠷᠪᠠᠭᠤᠯᠠᠶᠢᠨ ᠬᠠᠮᠤᠭ ᠠᠩᠬᠠᠷᠤᠯᠢᠶᠡᠨ ᠲᠥᠪᠯᠡᠷᠡᠭᠦᠯᠦᠨ ᠠᠵᠢᠯᠯᠠᠭᠰᠠᠨᠦ ᠳ᠋ᠦᠩᠳᠦ ᠭᠢᠯᠠᠯᠵᠠᠲᠠᠯ᠎ᠠ ᠠᠷᠴᠢᠭᠰᠠᠨ ᠰᠢᠷᠡᠭᠡᠨ ᠳᠡᠭᠡᠷ᠎ᠡ ᠪᠠᠶᠠᠨ ᠨᠠᠮᠤᠷᠤᠨ ᠢᠳᠡᠰᠢᠨᠳᠤ ᠭᠠᠷᠭᠠᠵᠤ ᠪᠠᠢᠭ᠎ᠠ ᠥᠬᠡᠷ ᠂ ᠬᠣᠨᠢ ᠶᠤᠮ ᠰᠢᠭ᠋ ᠶᠡᠬᠡ ᠪᠠᠭ᠎ᠠ ᠠᠳᠠᠯᠢ ᠥᠬᠡᠶ ᠪᠣᠯᠪᠠᠴᠤ ᠲᠠᠷᠭᠤᠨ ᠲᠠᠷᠭᠤᠨ ᠂ ᠪᠠᠶᠠᠯᠢᠭ ᠠᠮᠢᠳᠤᠷᠠᠯᠤᠨ ᠪᠡᠯᠭᠡ ᠲᠡᠮᠳᠡᠭ ᠪᠣᠯᠤᠭᠰᠠᠨ ᠭᠦᠵᠡᠭᠡ ᠲᠡᠶ ᠮᠢᠬ᠎ᠠ ᠂ ᠴᠢᠳᠬᠤᠭᠰᠠᠨ ᠬᠣᠳᠣᠭᠣᠳᠣ ᠰᠢᠭ᠋ ᠭᠠᠳᠠᠷ ᠪᠠᠢᠳᠠᠯ ᠨᠢ ᠤᠨᠳᠤᠤ ᠪᠣᠯᠤᠭᠰᠠᠨ ᠴᠤ᠌ ᠳᠣᠲᠣᠷ᠎ᠠ ᠪᠠᠨ ᠰᠢᠮᠡᠯᠢᠭ ᠰᠣᠨᠢᠨ ᠵᠢᠭᠲᠡᠶ ᠪᠠᠩᠰᠢ ᠨᠤᠭᠤᠳ ᠵᠠᠮᠪᠠᠷᠠᠭ᠎ᠠ ᠲᠠᠶ ᠰᠠᠢᠬᠠᠨ ᠵᠢᠭᠰᠠᠭᠰᠠᠭᠠᠷ ᠣᠯᠠᠰᠢᠷᠠᠵᠤ ᠪᠠᠢᠪᠠ᠃ ᠲᠡᠮᠦᠷ ᠂ ᠭᠡᠨᠡᠳᠲᠡ ᠨᠢᠭᠡ ᠶᠠᠭᠤᠮ᠎ᠠ ᠪᠣᠳᠣᠵᠤ ᠣᠯᠤᠭᠰᠠᠨ ᠪᠣᠯᠤᠯᠲᠠᠶ ᠭᠦᠶᠦᠨ ᠪᠣᠰᠴᠤ ᠮᠥᠮᠥᠶᠢᠨᠢᠶᠡᠨ ᠵᠡᠭᠦᠦ ᠤᠲᠠᠰᠤᠨᠦ ᠪᠣᠭᠣᠳᠠᠯᠢ ᠭᠠᠷᠭᠠᠵᠤ ᠂ ᠨᠢᠭᠡ ᠬᠡᠰᠡᠭ ᠴᠠᠭᠠᠨ ᠤᠲᠠᠰᠤ ᠲᠠᠰᠤᠲᠠᠨ ᠠᠪᠴᠢᠷᠠᠪᠠ᠃ ᠪᠣᠯᠣᠳ ᠭᠠᠢᠬᠠᠵᠤ᠄
《 ᠲᠡᠮᠦᠷ ᠡ ᠂ ᠪᠠᠰᠠ ᠶᠠᠭᠤ ᠨᠠᠭᠠᠳᠬᠤ ᠶᠤᠮ ᠪᠤᠢ? ᠬᠤᠷᠳᠤᠬᠠᠨ ᠪᠠᠷᠢᠶ᠎ᠠ 》 ᠭᠡᠯᠡ᠃ ᠲᠡᠮᠦᠷ ᠂ ᠥᠨᠥᠬᠢ ᠤᠲᠠᠰᠤ ᠪᠠᠨ ᠳᠤᠮᠳᠠᠭᠤᠷ ᠨᠢ ᠲᠠᠰᠤᠯᠵᠤ ᠬᠣᠶᠠᠷ ᠬᠡᠰᠡᠭ ᠪᠣᠯᠭᠠᠭᠠᠳ ᠳᠤᠲᠠᠭᠤ ᠪᠠᠷᠢᠭᠰᠠᠨ ᠪᠠᠩᠰᠢᠨᠳᠠᠭᠠᠨ ᠴᠢᠬᠢᠬᠦᠶᠢᠨ ᠳᠠᠭᠠᠤ᠄
《 ᠤᠲᠠᠰᠤ ᠲᠡᠶ ᠪᠠᠩᠰᠢ ᠢᠳᠡᠪᠡᠯ ᠣᠷᠳᠣ ᠨᠠᠰᠤᠯᠠᠨ᠎ᠠ ᠭᠡᠳᠡᠭ ᠪᠢᠰᠢ ᠦᠦ᠂ ᠲᠡᠢᠮᠦ ᠪᠠ? ᠪᠤᠶᠠᠨ ᠠᠬ᠎ᠠ ᠡ?》 ᠭᠡᠵᠦ ᠠᠰᠠᠭᠤᠨ᠎ᠠ᠃ ᠨᠢᠭᠡᠨ ᠵᠢᠯ᠂ ᠪᠤᠶᠠᠨᠦᠳᠦ ᠣᠴᠢᠵᠤ ᠪᠠᠩᠰᠢ ᠢᠳᠡᠬᠦᠳᠦ ᠲᠡᠮᠦᠷᠤᠨ ᠪᠠᠩᠰᠢᠨ ᠡᠴᠡ ᠤᠲᠠᠰᠤ ᠭᠠᠷᠬᠤᠯᠠᠷ ᠪᠤᠶᠠᠨᠤ ᠡᠵᠢ ᠢᠨᠢᠶᠡᠵᠦ᠄
《 ᠲᠡᠮᠦᠷ ᠬᠦᠦᠳᠦ ᠮᠢᠨᠢ ᠲᠠᠭᠠᠷᠠᠴᠢᠬᠠᠪᠠᠦ ᠂ ᠣᠷᠳᠣ ᠨᠠᠰᠤᠯᠠᠨ᠎ᠠ ᠳ᠋ᠠ 》 ᠭᠡᠵᠦ ᠬᠡᠯᠡᠵᠦ ᠪᠠᠢᠭ᠍ᠰᠠᠨᠢ ᠪᠤᠶᠠᠨ ᠪᠤᠳᠤᠭᠠᠳ᠄
《 ᠲᠠᠢᠮᠦ ᠡ ᠂ ᠲᠡᠢᠮᠦ》 ᠭᠡᠵᠦ ᠲᠡᠮᠦᠷᠦᠨ ᠠᠰᠠᠭᠤᠯᠲᠠᠶᠢ ᠪᠠᠲᠤᠯᠠᠵᠤ ᠥᠭᠪᠡ ᠃
ᠲᠡᠮᠦᠷ ᠂ ᠥᠪᠡᠷᠤᠨᠢᠶᠠᠨ ᠪᠣᠳᠣᠵᠤ ᠬᠢᠭᠰᠡᠨᠢ ᠵᠥᠪ ᠪᠣᠯᠪᠠ ᠬᠡᠮᠡᠨ ᠤᠯᠠᠮ ᠣᠮᠣᠭᠲᠠᠶᠪᠡᠷ᠄
《 ᠡᠨᠡ ᠨᠢ ᠮᠥᠮᠥᠶᠢᠨ ᠬᠢ ᠂ ᠡᠨᠡ ᠨᠢ ᠠᠪᠤᠶᠢᠨ ᠬᠢ ᠂ ᠨᠢᠭᠡ ᠬᠥᠮᠦᠨᠦ ᠨᠢᠭᠡ》 ᠭᠡᠵᠦ ᠠᠮᠠᠨᠳᠠᠭᠠᠨ ᠳᠦᠳᠦᠨᠡᠵᠦ ᠬᠣᠶᠠᠷ ᠪᠠᠩᠰᠢ ᠪᠠᠷᠢᠵᠤ ᠰᠢᠷᠡᠭᠡᠨᠤ ᠨᠥᠬᠥᠭᠡ ᠲᠠᠯᠠᠳᠤ ᠣᠨᠴᠣᠭᠣᠶ ᠲᠠᠯᠪᠢᠪᠠ ᠃
ᠴᠠᠭᠤᠨ ᠵᠡᠭᠦᠦ ᠠᠷᠪᠠᠨ ᠨᠢᠭᠡᠶᠢ ᠵᠢᠭᠠᠭᠠᠳ ᠪᠠᠢᠯ᠎ᠠ᠃ ᠡᠭᠦᠨᠢ ᠦᠵᠡᠭᠰᠡᠨ ᠪᠣᠯᠣᠳ᠄
《 ᠵᠠ᠂ ᠪᠣᠯᠤᠯ᠎ᠠ᠃ ᠪᠠᠷᠢᠬᠤ ᠪᠠᠨ ᠵᠣᠭᠰᠣᠵᠤ ᠴᠢᠨᠠᠶᠠ᠂ ᠥᠬᠡᠶ ᠪᠣᠯ ᠠᠮᠵᠢᠬᠤ ᠥᠬᠡᠶ ᠨᠢ ᠳ᠋ᠡ᠂ ᠪᠢᠲᠡᠭᠦᠨᠦ ᠪᠠᠩᠰᠢ ᠶᠤᠮ ᠴᠢᠨᠢ》 ᠭᠡᠪᠡ᠃
ᠪᠡᠯᠡᠨ ᠭᠠᠯ ᠳᠡᠭᠡᠷ᠎ᠡ ᠪᠠᠩᠰᠢ ᠪᠠᠨ ᠴᠢᠨᠠᠵᠤ ᠭᠠᠷᠭᠠᠭᠠᠳ᠂ ᠪᠦᠲᠦᠨ ᠪᠦᠲᠦᠨᠢ ᠨᠢ ᠰᠣᠩᠭᠣᠵᠤ ᠬᠣᠶᠠᠷ ᠲᠡᠰᠢ ᠬᠤᠪᠢᠶᠠᠨ ᠰᠠᠪᠠᠯᠠᠪᠠ᠃ ᠬᠠᠭᠠᠷᠠᠭᠰᠠᠨ ᠨᠢᠭᠡᠶᠢ ᠨᠢ ᠠᠶᠠᠭᠠᠯᠠᠵᠤ᠂ ᠨᠠᠭᠠᠳᠤᠮ ᠴᠤ᠌ ᠶᠤᠮ ᠰᠢᠭ ᠦᠨᠡᠨ ᠴᠤ ᠶᠤᠮ ᠰᠢᠭᠢᠶᠠᠷ᠄
《 ᠳᠡᠭᠦᠦ ᠮᠢᠨᠢ ᠲᠦᠷ ᠰᠢᠳᠦ ᠵᠠᠭᠤᠵᠤᠪᠠᠢᠭᠠᠷᠠᠢ ᠂ ᠠᠬ᠎ᠠ ᠨᠢ ᠪᠤᠴᠠᠵᠤ ᠢᠷᠡᠭᠡᠳ ᠴᠢᠨᠠᠵᠤ ᠥᠭᠭᠦᠶ᠎ᠡ 》 ᠭᠡᠵᠦ ᠢᠨᠢᠶᠡᠨ ᠬᠡᠯᠡᠨ᠎ᠡ᠃ ᠲᠡᠭᠡᠭᠡᠳ ᠪᠣᠯᠣᠳ ᠂ ᠪᠤᠶᠠᠨ ᠬᠣᠶᠠᠷ ᠬᠤᠪᠴᠠᠰᠤ ᠬᠤᠨᠠᠷᠢᠶᠡᠨ ᠡᠮᠦᠰᠴᠦ ᠰᠠᠪᠠ ᠲᠠᠶ ᠪᠠᠩᠰᠢ ᠪᠡᠨ ᠠᠷᠠᠰᠤᠨ ᠳᠡᠪᠡᠯᠳᠡᠭᠡᠨ ᠡᠪᠦᠷᠲᠦᠯᠡᠯᠡ ᠃ ᠡᠨᠡ ᠦᠶᠡᠳᠦ ᠲᠡᠮᠦᠷ ᠪᠠᠰᠠ ᠠᠯᠢ ᠵᠠᠪᠢᠶᠠᠷ ᠨᠢ ᠬᠤᠪᠴᠠᠯᠠᠭᠰᠠᠨᠢ ᠪᠦᠦ ᠮᠡᠳᠡ᠂ ᠬᠡᠳᠦᠢᠨ ᠥᠪᠴᠢ 《 ᠬᠤᠶᠠᠭᠯᠠᠴᠢᠬᠠᠭᠠᠳ 》 ᠪᠠᠢᠵᠠᠢ᠃
《 ᠶᠧᠪᠢᠩᠢᠶᠡᠨ ᠪᠦᠦ ᠮᠠᠷᠲᠠ 》 ᠭᠡᠵᠦ ᠲᠡᠮᠦᠷᠢ ᠬᠡᠯᠡᠬᠦᠳᠦ ᠪᠣᠯᠣᠳ ᠬᠠᠷᠮᠠᠨᠢᠶᠠᠨ ᠠᠯᠠᠭᠠᠳᠠᠵᠤ᠄
《 ᠶᠠᠭᠤᠨᠳᠦ ᠮᠠᠷᠲᠠᠬᠤ ᠪᠤᠢ?》 ᠭᠡᠳ ᠲᠡᠮᠦᠷᠦᠨ ᠵᠦᠭ᠄
《 ᠳᠡᠭᠦᠦ ᠮᠢᠨᠢ ᠂ ᠭᠠᠳᠠᠭ᠎ᠠ ᠬᠦᠢᠲᠡᠨ ᠰᠢᠤ ᠂ ᠴᠢ ᠭᠡᠷᠢᠶᠡᠨ ᠬᠠᠷᠠᠵᠤ ᠪᠠᠶ ᠂ ᠪᠢᠳᠡ ᠤᠳᠠᠬᠤ ᠥᠬᠡᠶ ᠢᠷᠡᠴᠢᠬᠡᠨ᠎ᠡ ᠂ ᠮᠡᠳᠡᠪᠡ ᠤᠤ?》 ᠭᠡᠬᠦᠳᠦ ᠲᠡᠮᠦᠷ :
《 ᠥᠬᠡᠶ ᠂ ᠪᠢ ᠣᠴᠢᠬᠤ ᠥᠬᠡᠶ ᠂ ᠪᠢ ᠭᠠᠷᠴᠤ ᠲᠠ ᠨᠠᠷᠢ ᠬᠦᠷᠭᠡᠶ᠎ᠡ ᠂ ᠲᠠᠨᠢ ᠶᠠᠪᠤᠭᠤᠯᠴᠢᠬᠠᠭᠠᠳ ᠪᠢ ᠪᠠᠰᠠ ᠰᠢᠨᠡᠶᠢᠨ ᠨᠢᠭᠡᠨᠦ ᠪᠠᠩᠰᠢ ᠪᠠᠷᠢᠨ᠎ᠠ ᠰᠢᠤ》 ᠭᠡᠨ᠎ᠡ ᠃
ᠳᠡᠭᠦᠦ ᠪᠡᠨ ᠭᠣᠮᠣᠳᠠᠭᠠᠬᠤ ᠥᠬᠡᠶᠶᠢᠨ ᠲᠥᠯᠥᠭᠡ ᠪᠣᠯᠣᠳ 《 ᠲᠡᠬᠡ ᠳ᠋ᠡ》 ᠭᠡᠳ ᠪᠤᠶᠠᠨ ᠲᠠᠶ ᠬᠣᠶᠠᠭᠤᠯᠠ ᠭᠡᠷ ᠡᠴᠡ ᠭᠠᠷᠪᠠ᠃ ᠬᠦᠷᠢᠶᠡᠨᠤ ᠬᠠᠭᠠᠯᠭ᠎ᠠ ᠪᠠᠷ ᠲᠡᠷᠡ ᠬᠣᠶᠠᠷᠢ ᠭᠠᠷᠬᠤ ᠭᠡᠲᠡᠯ᠎ᠡ ᠭᠠᠷ ᠲᠠᠭᠠᠨ ᠭᠠᠯ ᠲᠠᠶ ᠪᠤᠷᠭᠠᠰᠤ ᠪᠠᠷᠢᠵᠤ ᠪᠠᠢᠭ᠍ᠰᠠᠨ ᠲᠡᠮᠦᠷ᠄
《 ᠬᠦᠯᠢᠶᠡᠵᠦ ᠪᠠᠶ ᠂ ᠮᠥᠷᠢ ᠴᠢᠨᠢ ᠭᠠᠷᠭᠠᠵᠤ ᠥᠭᠭᠦᠶ᠎ᠡ! 》 ᠭᠡᠳ ᠨᠢᠭᠡ ᠥᠬᠡᠷ ᠫᠤᠤᠵᠢᠩ ᠲᠠᠯᠪᠢᠪᠠ ᠃
ᠬᠠᠷᠠᠩᠭᠤᠶ ᠰᠥᠨᠢ ᠂ ᠠᠨᠢᠷ ᠴᠢᠮᠡᠭᠡ ᠥᠬᠡᠶ ᠪᠢᠲᠡᠭᠦᠨᠦ ᠬᠠᠷᠠᠩᠭᠤᠶ ᠰᠥᠨᠢ ᠡᠨᠡ ᠥᠬᠡᠷ ᠫᠤᠤᠵᠢᠩ ᠨᠢᠵᠢᠭᠢᠨᠡᠨ ᠳᠤᠤᠭᠠᠷᠤᠯ᠎ᠠ ᠃
ᠪᠣᠯᠣᠳ ᠂ ᠪᠤᠶᠠᠨ ᠬᠣᠶᠠᠭᠤᠯᠠ ᠡᠨᠡ ᠬᠦ᠌ ᠨᠢᠵᠢᠭᠢᠨᠡᠭᠰᠡᠨ ᠳᠠᠭᠤᠨᠳᠦ ᠵᠣᠷᠢᠭᠵᠢᠭᠰᠠᠨ ᠶᠤᠮ ᠰᠢᠭ ᠴᠠᠰᠢ ᠶᠠᠪᠤᠬᠤᠳᠦ ᠲᠡᠮᠦᠷ ᠬᠣᠢᠨᠠᠠᠴᠠ ᠨᠢ᠄
《 ᠠᠬ᠎ᠠ ᠡ᠂ ᠮᠢᠨᠦ ᠪᠠᠷᠢᠭᠰᠠᠨ ᠲᠡᠷᠡ ᠬᠣᠶᠠᠷ ᠣᠷᠳᠣ ᠨᠠᠰᠤᠯᠠᠬᠤ ᠪᠠᠩᠰᠢᠶᠢ ᠁》 ᠭᠡᠰᠡᠨ ᠦᠭᠡᠶᠢ ᠨᠢ ᠬᠠᠷ᠎ᠠ ᠰᠠᠯᠬᠢ ᠬᠠᠢᠷ᠎ᠠ ᠥᠬᠡᠶ ᠲᠠᠰᠤᠳᠠᠵᠤ ᠪᠠᠢᠪᠠ᠃