ᠴᠢᠩᠭᠢᠰ ᠬᠠᠭᠠᠨ᠎ᠤ ᠣᠩᠭ᠋ᠤᠨ᠎ᠤ ᠰᠦᠯᠳᠡ᠎ᠶᠢᠨ ᠮᠠᠠᠳᠤᠯ

ᠴᠢᠩᠭᠢᠰ ᠬᠠᠭᠠᠨ᠎ᠤ ᠣᠩᠭ᠋ᠤᠨ᠎ᠤ ᠰᠦᠯᠳᠡ᠎ᠶᠢᠨ ᠮᠠᠠᠳᠤᠯ

ᠰᠡᠴᠡᠡᠪᠢᠯᠢᠭ᠌

ᠰᠦᠯᠳᠡ᠎ᠶᠢᠨ ᠮᠠᠠᠳᠤᠯ ᠪᠣᠯ ᠴᠢᠩᠭᠢᠰ ᠬᠠᠭᠠᠨ᠎ᠤ ᠰᠦᠯᠳᠡ (ᠳᠠᠯᠪᠠᠭ᠎ᠠ) ᠵᠢ ᠣᠷᠤᠰᠢᠭᠤᠯᠤᠨ ᠳᠠᠭᠢᠭᠰᠠᠨ ᠣᠷᠤᠨ᠃ ᠴᠢᠩᠭᠢᠰ ᠬᠠᠭᠠᠨ᠎ᠤ ᠬᠠᠷ᠎ᠠ ᠰᠦᠯᠳᠡ (ᠬᠠᠷ᠎ᠠ ᠳᠠᠯᠪᠠᠭ᠎ᠠ) ᠪᠣᠯ ᠭᠤᠤᠯ ᠰᠦᠯᠳᠡ ᠪᠣᠯᠤᠨ ᠳᠦᠷᠪᠡᠨ ᠡᠯᠴᠢ ᠰᠦᠯᠳᠡ᠎ᠪᠠᠷ ᠪᠦᠷᠢᠯᠳᠦᠵᠡᠢ᠃ ᠡᠢ᠌ᠨ ᠭᠦ ᠪᠠᠰᠠ 《ᠳᠦᠷᠪᠡᠨ ᠭᠦᠯᠳᠤ ᠬᠠᠷ᠎ᠠ ᠰᠦᠯᠳᠡ》 ᠭᠡᠮᠡᠳᠡᠭ᠌᠃ ᠰᠦᠯᠳᠡ᠎ᠶᠢᠨ ᠮᠠᠠᠳᠤᠯ᠎ᠳᠤ ᠪᠣᠰᠤᠭ᠎ᠠ ᠬᠡᠢᠮᠣᠷᠢ ᠲᠠᠢ ᠭᠢᠯᠠᠯᠵᠠᠭ᠎ᠠ ᠢᠯᠠᠭᠤᠭᠰᠠᠨ ᠰᠦᠯᠳᠡ᠎ᠳᠤ ᠶᠠᠷᠠ ᠶᠢᠰᠦᠨ ᠠᠵᠢᠷᠭ᠎ᠠ᠎ᠶᠢᠨ ᠣᠩᠭ᠋ᠤᠨ ᠳᠡᠯ᠎ᠢᠶᠡᠷ ᠬᠥᠬᠥᠯ ᠬᠢᠭᠰᠡᠨ ᠪᠠᠢ᠌ᠳᠠᠭ᠃ ᠡᠨᠡ ᠨᠢ ᠰᠠᠯᠭᠢᠨ᠎ᠤ ᠠᠶᠠᠰ᠎ᠢᠶᠠᠷ ᠨᠠᠮᠢᠷᠠᠨ᠂ ᠴᠢᠩᠭᠢᠰ ᠬᠠᠭᠠᠨ᠎ᠤ ᠳᠡᠯᠡᠭᠡᠢ᠎ᠶᠢ ᠳᠤᠩᠰᠤᠯᠭᠠᠭᠰᠠᠨ ᠪᠠᠭᠠᠳᠤᠷ ᠰᠦᠷ᠎ᠢ ᠭᠠᠢ᠌ᠬᠠᠭᠤᠯᠵᠤ ᠪᠠᠢ᠌ᠬᠤ ᠮᠠᠳᠤ ᠠᠵᠢ᠁

ᠬᠠᠷ᠎ᠠ ᠰᠦᠯᠳᠡ ᠪᠣᠯ ᠴᠢᠩᠭᠢᠰ ᠬᠠᠭᠠᠨ᠎ᠤ ᠬᠠᠠᠳᠤᠭᠰᠠᠨ ᠵᠥᠭ᠌᠎ᠲᠤ ᠳᠠᠢᠰᠤᠨ ᠦᠭᠡᠢ ᠪᠠᠢ᠌ᠳᠠᠭ᠎ᠤᠨ ᠳᠠᠢ᠌ᠨ᠎ᠤ ᠰᠠᠭᠢᠭᠤᠰᠤ᠂ ᠴᠢᠩᠭᠢᠰ ᠬᠠᠭᠠᠨ᠎ᠤ ᠡᠷᠡᠯᠭᠡᠭ᠌ ᠵᠤᠷᠢᠭ᠎ᠤᠨ ᠪᠠᠯᠭᠡ ᠳᠡᠮᠳᠡᠭ᠌᠂ ᠠᠯᠢᠪᠠ ᠭᠠᠵᠢᠭᠤ ᠮᠠᠭᠤᠬᠠᠢ᠎ᠶᠢ ᠢᠯᠠᠭᠰᠠᠨ᠎ᠤ ᠪᠠᠯᠭᠡ ᠳᠡᠮᠳᠡᠭ᠌᠂ ᠮᠦᠨ ᠴᠤ ᠡᠩᠭᠡ ᠳᠠᠢ᠌ᠪᠣᠩ ᠦᠯᠵᠡᠢ ᠪᠡᠯᠡᠭ ᠲᠠᠢ ᠣᠷᠤᠰᠢᠬᠤ᠎ᠶᠢᠨ ᠪᠠᠯᠭᠡ ᠳᠡᠮᠳᠡᠭ᠌᠃ ᠴᠢᠩᠭᠢᠰ ᠬᠠᠭᠠᠨ᠎ᠤ ᠬᠠᠷ᠎ᠠ ᠰᠦᠯᠳᠡ᠎ᠶᠢᠨ ᠲᠤᠬᠠᠢ ᠲᠠᠢ ᠳᠤᠮᠤᠭ᠎ᠲᠤ 《ᠴᠢᠩᠭᠢᠰ ᠬᠠᠭᠠᠨ ᠨᠢᠭᠡᠨ ᠣᠳᠠᠭᠠᠨ᠎ᠤ ᠳᠠᠢ᠌ᠨ᠎ᠳᠤ ᠢᠯᠠᠭᠳᠠᠵᠤ᠂ ᠠᠷᠭ᠎ᠠ ᠦᠭᠡᠢ ᠮᠤᠷᠢᠨ᠎ᠤ᠎ᠪᠠᠨ ᠡᠮᠡᠭᠡᠯ᠎ᠢ ᠠᠪᠴᠤ ᠳᠡᠭᠡᠭᠰᠢ ᠬᠠᠠᠳᠤᠭᠤᠯᠤᠨ ᠳᠠᠯᠪᠢᠵᠤ᠂ ᠶᠡᠭᠡ ᠳᠠᠭᠤᠨ᠎ᠢᠶᠠᠷ 〈ᠮᠥᠩᠭᠡ ᠲᠡᠭᠷᠢ ᠮᠢᠨᠢ ᠡ︕ ᠨᠠᠳᠠ᠎ᠶᠢ᠎ᠪᠠᠨ ᠲᠡᠳᠬᠦᠵᠤ ᠠᠪᠤᠨ᠎ᠠ ᠦᠦ︖〉 ᠭᠡᠮᠡᠨ ᠭᠦᠭᠡ ᠮᠥᠩᠭᠡ ᠳᠡᠭᠷᠢ᠎ᠳᠤ ᠳᠠᠭᠠᠳᠬᠠᠨ ᠮᠥᠷᠭᠦᠭᠦ᠎ᠳᠤ ᠭᠡᠨᠡᠳᠲᠡ ᠠᠭᠠᠷ ᠳᠡᠭ᠍ᠷᠢ᠎ᠳᠤ ᠮᠠᠰᠢ ᠶᠡᠭᠡ ᠳᠠᠭᠤᠨ ᠭᠠᠷᠴᠤ᠂ ᠬᠠᠨ ᠬᠤᠷᠮᠤᠰᠳᠠ ᠳᠡᠭ᠍ᠷᠢ ᠡᠴᠠ ᠨᠢᠭᠡᠨ ᠣᠩᠭ᠋ᠤᠨ ᠵᠢᠳᠠ ᠱᠠᠩᠰᠢ᠎ᠶᠢᠨ ᠮᠤᠳᠤᠨ ᠳᠡᠭᠡᠷ᠎ᠡ ᠪᠠᠭᠤᠵᠤ ᠢᠷᠠᠵᠠᠢ᠃ ᠴᠢᠩᠭᠢᠰ ᠬᠠᠭᠠᠨ ᠮᠤᠬᠤᠯᠠᠢ᠎ᠶᠢ ᠭᠠᠷᠴᠤ ᠳᠤᠰᠴᠤ ᠠᠪ ᠭᠡᠮᠡᠨ ᠠᠪᠣᠭᠤᠯᠵᠤ᠂ 〈ᠮᠢᠩᠭ᠋ᠠᠨ ᠣᠯᠠᠭ᠎ᠠ ᠪᠠᠵᠠᠭᠠᠵᠤ᠂ ᠲᠦᠮᠡᠨ ᠢᠳᠡᠭᠡ᠎ᠪᠠᠷ ᠳᠠᠭᠢᠰᠤᠭᠠᠢ〉 ᠭᠡᠵᠤ ᠳᠠᠩᠭ᠋ᠠᠷᠢᠭ ᠥᠭ᠍ᠴᠤ᠂ ᠶᠢᠰᠦ ᠶᠢᠰᠦ ᠨᠠᠶᠠᠨ ᠨᠢᠭᠡᠨ ᠭᠡᠭᠡᠷ ᠠᠵᠢᠷᠭ᠎ᠠ᠎ᠶᠢᠨ ᠳᠠᠯ᠎ᠪᠠᠷ ᠭᠦᠭᠦᠯ ᠵᠤᠭᠤᠭᠯᠠᠭᠤᠯᠤᠨ ᠴᠢᠮᠠᠵᠤ᠂ ᠲᠦᠮᠡᠨ ᠢᠳᠡᠭᠡ ᠪᠦᠷᠢᠦᠡᠴᠤ ᠦᠯᠦ ᠠᠮᠵᠢᠬᠤᠯ᠎ᠠ ᠶᠢᠰᠦ ᠶᠢᠰᠦ ᠨᠠᠶᠠᠨ ᠨᠢᠭᠡᠨ ᠢᠳᠡᠭᠡ᠎ᠪᠠᠷ ᠳᠠᠭᠢᠯᠭ᠎ᠠ ᠡᠷᠭᠦᠵᠤ᠂ ᠥᠯᠡᠳᠡᠭᠰᠡᠨ ᠳᠤᠳᠠᠭᠤ ᠳᠤᠭ᠎ᠠ᠎ᠶᠢ ᠮᠠᠨ᠎ᠤ ᠮᠤᠩᠭ᠋ᠤᠯ᠎ᠤᠨ ᠮᠠᠯ ᠰᠥᠷᠦᠭ᠌ ᠡᠴᠠ ᠳᠡᠭ᠍ᠷᠢ᠎ᠶᠢᠨ ᠭᠦᠭᠡ ᠨᠤᠬᠠᠢ ᠴᠢᠨᠢ ᠭᠦᠢᠴᠡᠳᠭᠡᠨ ᠪᠠᠷᠢᠳᠤᠭᠠᠢ ᠭᠡᠮᠡᠨ ᠥᠴᠢᠭ᠌ ᠦᠴᠢᠨ ᠳᠠᠭᠢᠵᠠᠢ᠃ ᠡᠢ᠌ᠨ ᠭᠦ ᠴᠢᠩᠭᠢᠰ ᠬᠠᠭᠠᠨ ᠬᠠᠷ᠎ᠠ ᠰᠦᠯᠳᠡ᠎ᠪᠠᠨ ᠦᠨᠳᠦᠷ ᠡᠷᠭᠦᠵᠤ᠂ ᠡᠮᠤᠨ᠎ᠡ ᠣᠮᠠᠷ᠎ᠠ᠎ᠶᠢ ᠳᠦᠪᠰᠢᠦᠡᠭᠡᠵᠤ᠂ ᠬᠠᠠᠳᠤᠭᠰᠠᠨ ᠵᠥᠭ᠌᠎ᠳᠤ ᠳᠠᠢᠰᠤᠨ ᠦᠭᠡᠢ᠂ ᠢᠯᠠᠯᠳᠠ᠎ᠶᠢᠨ ᠳᠠᠭᠤᠨ ᠶᠢᠡᠨ ᠳᠠᠭᠤᠷᠢᠰᠤᠭᠤᠯᠤᠨ᠂ ᠳᠦᠷᠪᠡᠨ ᠵᠥᠭ᠌ ᠨᠢ᠋ᠮᠠᠨ ᠵᠤᠪᠭᠢᠰ᠎ᠢ ᠳᠠᠢ᠌ᠯᠤᠨ ᠳᠠᠭᠠᠭᠤᠯᠵᠤ ᠶᠠᠪᠣᠭᠰᠠᠨ ᠭᠡᠳᠡᠭ᠌》᠃

ᠡᠨᠡ ᠭᠦ ᠳᠤᠮᠤᠭ ᠨᠢ ᠰᠦᠯᠳᠡ ᠰᠢᠳᠦᠭᠡᠨ᠎ᠤ ᠠᠷᠢᠭᠤᠨ ᠳᠠᠷᠬᠠᠨ᠂ ᠳᠡᠭ᠍ᠷᠢ᠎ᠶᠢᠨ ᠵᠤᠷᠢᠭ᠎ᠢ ᠵᠣᠢ᠌ᠷᠯᠠᠨ ᠢᠯᠡᠳᠭᠡᠵᠡᠢ᠃ ᠴᠢᠩᠭᠢᠰ ᠬᠠᠭᠠᠨ ᠳᠡᠭ᠍ᠷᠢ᠎ᠳᠤ ᠬᠠᠯᠢᠭᠰᠠᠨ᠎ᠠ᠂ ᠳᠡᠭᠦᠨ᠎ᠤ ᠣᠷᠳᠤ᠎ᠶᠢᠨ ᠬᠠᠵᠠᠭᠤ᠎ᠳᠤ ᠰᠦᠯᠳᠡ ᠮᠠᠠᠳᠤᠯ᠎ᠢ ᠴᠤᠭᠴᠠᠯᠠᠨ᠂ ᠡᠳᠦᠷ ᠰᠦᠨᠢ ᠦᠭᠡᠶ ᠰᠠᠭᠢᠨ ᠬᠠᠮᠠᠭᠠᠯᠠᠵᠤ᠂ ᠰᠦᠯᠳᠡ᠎ᠶᠢ ᠦᠨᠢ ᠡᠭᠦᠷᠢᠳᠡ ᠭᠦᠭᠡ ᠮᠥᠩᠭᠡ ᠳᠡᠭ᠍ᠷᠢ᠎ᠳᠤ ᠪᠠᠷᠠᠯᠠᠭᠤᠯᠤᠨ᠂ ᠨᠠᠷᠠᠨ ᠰᠠᠷᠠᠨ ᠲᠠᠢ ᠵᠡᠷᠭᠡᠴᠡᠭᠦᠯᠤᠨ ᠣᠷᠤᠰᠢᠭᠤᠯᠵᠠᠢ᠃

ᠮᠤᠩᠭ᠋ᠤᠯ ᠬᠡ ᠣᠭᠠᠯᠵᠠ᠎ᠶᠢᠨ ᠰᠡᠢᠯᠦᠮᠡᠯ ᠲᠠᠢ ᠭᠠᠠᠳᠢᠭ ᠴᠢᠯᠠᠭᠤᠨ ᠮᠠᠠᠳᠤᠯ᠎ᠳᠤ ᠬᠤᠶᠠᠷ ᠮᠸᠲ᠋ᠷ ᠦᠨᠳᠦᠷ ᠨᠢᠭᠡᠨ ᠰᠠᠭᠤᠷᠢ ᠭᠦᠷᠡᠯ ᠰᠦᠮ᠎ᠡ ᠪᠣᠯᠤᠨ ᠳᠠᠭᠢᠯᠭ᠎ᠠ᠎ᠶᠢᠨ ᠰᠢᠷᠡᠭᠡ ᠲᠡᠶ᠂ ᠳᠤᠳᠤᠷ᠎ᠠ ᠨᠢ ᠮᠥᠩᠭᠡ᠎ᠶᠢᠨ ᠵᠤᠯᠠ ᠠᠰᠠᠵᠤ᠂ ᠳᠠᠭᠢᠯᠭ᠎ᠠ᠎ᠶᠢᠨ ᠭᠡᠷᠡᠭᠰᠡᠯ᠎ᠢ ᠥᠷᠦᠭᠰᠡᠨ ᠪᠠᠢ᠌ᠳᠠᠭ᠃

ᠮᠠᠠᠳᠤᠯ᠎ᠳᠤ ᠳᠦᠷᠪᠡᠨ ᠭᠦᠯᠳᠤ ᠬᠠᠷ᠎ᠠ ᠰᠦᠯᠳᠡ ᠡᠴᠠ ᠥᠭᠡᠷ᠎ᠡ ᠪᠠᠰᠠ ᠶᠡᠭᠡ ᠮᠤᠩᠭ᠋ᠤᠯ ᠣᠯᠤᠰ᠎ᠤᠨ ᠠᠯᠠᠭ ᠰᠦᠯᠳᠡ (ᠠᠯᠠᠭ ᠳᠠᠯᠪᠠᠭ᠎ᠠ) ᠵᠢ ᠡᠷᠭᠡᠰᠢᠭᠦᠯᠤᠨ ᠳᠠᠭᠢᠵᠤ ᠪᠠᠢ᠌ᠳᠠᠭ᠃

ᠰᠦᠯᠳᠡ ᠳᠠᠢ᠌ᠯᠭ᠎ᠠ ᠮᠦᠨ ᠬᠦ᠌ ᠨᠢ᠋ᠮᠠᠨ ᠴᠠᠭᠠᠨ ᠣᠷᠳᠤ ᠳᠠᠢ᠌ᠯᠭ᠎ᠠ ᠲᠡᠶ ᠠᠳᠠᠯᠢᠬᠠᠨ ᠣᠷᠳᠤ ᠣᠳᠠᠭᠠᠨ᠎ᠤ ᠳᠡᠦᠭᠡᠨ ᠠᠶᠠᠨ᠎ᠳᠤ ᠪᠦᠷᠢᠨ ᠪᠦᠳᠤᠨ ᠳᠠᠢ᠌ᠯᠭ᠎ᠠ᠎ᠶᠢᠨ ᠶᠤᠰᠤᠯᠠᠯ᠂ ᠳᠦᠷᠢᠮ ᠪᠣᠯᠤᠨ ᠵᠢᠷᠤᠮ ᠲᠡᠶ ᠪᠣᠯᠵᠤ᠂ ᠦᠶ᠎ᠡ ᠣᠯᠠᠷᠢᠨ ᠣᠯᠠᠮᠵᠢᠯᠠᠭᠳᠠᠵᠠᠢ᠃

ᠰᠦᠯᠳᠡ᠎ᠶᠢᠨ ᠮᠠᠠᠳᠤᠯ ᠳᠦᠷᠪᠡᠨ ᠳᠠᠪᠬᠤᠷ ᠳᠠᠢ᠌ᠰᠠ ᠲᠡᠶ᠂ 15.4 ᠮᠸᠲ᠋ᠷ ᠦᠨᠳᠦᠷ᠂ ᠰᠠᠭᠤᠷᠢ᠎ᠶᠢᠨ ᠳ᠋ᠢᠶᠠᠮᠸᠲ᠋ᠷ ᠢᠷᠦᠭᠡᠯᠳᠡᠢ ᠳᠤᠭ᠎ᠠ ᠵᠢᠷᠭᠤᠭ᠎ᠠ ᠶᠢᠰᠦ ᠳᠠᠪᠢᠨ ᠳᠦᠷᠪᠡᠨ ᠮᠸᠲ᠋ᠷ ᠪᠠᠢ᠌ᠳᠠᠭ᠃ ᠰᠦᠯᠳᠡ᠎ᠶᠢᠨ ᠮᠠᠠᠳᠤᠯ᠎ᠤᠨ ᠭᠦᠷᠢᠶ᠎ᠡ ᠣᠯᠠᠭᠠᠨ ᠬᠡᠷᠡᠮ᠎ᠢᠶᠡᠷ ᠴᠤᠭᠴᠠᠯᠠᠭᠳᠠᠵᠤ᠂ ᠴᠢᠩᠭᠢᠰ ᠬᠠᠭᠠᠨ᠎ᠤ ᠣᠩᠭ᠋ᠤᠨ ᠣᠷᠳᠤ ᠲᠡᠶ ᠬᠠᠷᠢᠯᠴᠠᠨ ᠭᠡᠢ᠌ᠭᠦᠯᠵᠤ᠂ ᠨᠠᠩ ᠰᠥᠷᠯᠢᠭ᠌ ᠥᠩᠭᠡ ᠦᠵᠡᠮᠵᠢ᠎ᠶᠢ ᠪᠦᠷᠢᠯᠳᠦᠭᠦᠯᠵᠡᠢ᠃

ᠵᠤᠬᠢᠶᠠᠭᠴᠢ᠎ᠶᠢᠨ ᠬᠠᠶ‍ᠢᠭ ᠄ ᠴᠢᠩᠭᠢᠰ ᠬᠠᠭᠠᠨ᠎ᠤ ᠣᠩᠭ᠋ᠤᠨ᠎ᠤ ᠳᠠᠢ᠌ᠯᠭ᠎ᠠ ᠰᠤᠶᠤᠯ᠎ᠤᠨ ᠠᠯᠪᠠᠨ ᠭᠡᠷ

ᠵᠤᠬᠢᠶᠠᠭᠴᠢ᠄ ᠰᠡᠴᠡᠡᠪᠢᠯᠢᠭ᠌

ᠢᠷᠡᠯᠲᠡ᠄ ᠢᠷᠡᠭᠦᠯᠦᠭᠰᠡᠨ ᠡᠬᠡ ᠪᠢᠴᠢᠭ᠌

ᠬᠠᠷᠢᠶ᠎ᠠ᠄

ᠳᠠᠷᠤᠮ᠄ 8015

ᠴᠠᠭ᠄ 2010 ᠤᠨ᠎ᠤ 02 ᠰᠠᠷ᠎ᠠ᠎ᠶᠢᠨ 10

ᠨᠠᠢ᠌ᠷᠠᠭᠤᠯᠤᠭᠴᠢ᠄ ᠪᠦᠬᠡᠡᠷᠳᠡᠨᠢ

相关推荐