返回

《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ

47᠂ ᠬᠠᠢᠳᠤ᠎ᠶᠢᠨ ᠬᠦᠪᠡᠭᠦᠨ ᠪᠠᠢᠰᠢᠩᠬᠤᠷ ᠳᠣᠭ᠍ᠰᠢᠨ᠂ ᠴᠢᠷᠬᠠᠢ ᠯᠢᠩᠬ᠍ᠸ᠎ᠠ᠂ ᠴᠠᠤᠵᠢᠨ ᠣᠷᠲᠠᠭᠠᠢ ᠭᠤᠷᠪᠠ᠃ ᠪᠠᠢᠰᠢᠩᠬᠤᠷ ᠳᠣᠭ᠍ᠰᠢᠨ᠎ᠤ ᠬᠦᠪᠡᠭᠦᠨ ᠲᠣᠮᠪᠢᠨᠢ ᠰᠡᠴᠡᠨ᠃ ᠴᠢᠷᠬᠠᠢ ᠯᠢᠩᠬ᠍ᠸ᠎ᠠ᠎ᠶᠢᠨ ᠬᠦᠪᠡᠭᠦᠨ ᠰᠡᠩᠭᠦᠨ ᠪᠢᠯᠭᠡ᠂ᠠᠮᠪᠠᠭᠠᠢ ᠬᠠᠨ ᠳᠠᠢᠴᠢᠭᠣᠳ ᠣᠪᠤᠭᠲᠠᠨ ᠪᠣᠯᠪᠠ᠃ ᠴᠢᠷᠬᠠᠢ ᠯᠢᠩᠬ᠍ᠸ᠎ᠠ᠂ ᠪᠡᠷᠭᠡᠨ᠎ᠶᠢ᠎ᠢᠶᠡᠨ ᠡᠮ᠎ᠡ ᠪᠣᠯᠭᠠᠨ ᠠᠪᠴᠦ ᠨᠢᠭᠡᠨ ᠬᠦᠪᠡᠭᠦᠨ ᠲᠠᠢ ᠪᠣᠯᠪᠠ᠃ ᠨᠡᠷ᠎ᠡ ᠢᠨᠤ ᠪᠠᠰᠤᠳᠠᠢ ᠬᠡᠮᠡᠮᠤᠢ᠃ ᠪᠠᠰᠤᠳ ᠣᠪᠤᠭᠲᠠᠨ ᠪᠣᠯᠪᠠ᠃ ᠴᠠᠳᠵᠢᠨ ᠤᠷᠲᠤᠭᠠᠢ ᠵᠢᠷᠭᠤᠭᠠᠨ ᠬᠦᠪᠡᠭᠦᠨ ᠲᠠᠢ᠄ ᠤᠷᠤᠨᠠᠷ᠂ ᠬᠣᠩᠬᠤᠲᠠᠨ᠂ ᠠᠷᠤᠯᠠᠳ᠂ ᠰᠦᠨᠢᠳ᠂ ᠬᠠᠪᠳᠤᠷᠬᠠᠰ ᠬᠠᠨᠢᠬᠢᠰ ᠭᠡᠬᠦ ᠲᠣᠯᠠ ᠡᠢᠮᠦ ᠣᠪᠤᠭᠲᠠᠨ ᠪᠣᠯᠵᠠᠭᠠᠪᠠ᠃

返回顶部