返回

《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ

46᠂ ᠬᠠᠴᠢ ᠬᠥᠯᠦᠭ᠎ᠦᠨ ᠬᠦᠪᠡᠭᠦᠨ ᠬᠠᠢᠲᠦ᠂ ᠨᠣᠮᠤᠯᠤᠨ ᠡᠬᠡ᠎ᠡᠴᠡ ᠲᠥᠷᠦᠭᠰᠡᠨ ᠪᠢᠯᠡ᠃ ᠬᠠᠴᠢᠨ᠎ᠤ ᠬᠦᠪᠡᠭᠦᠨ ᠨᠤᠶᠠᠬᠢᠳᠠᠢ ᠨᠡᠷ᠎ᠡ ᠲᠠᠢ᠃ ᠶᠡᠬᠡ ᠪᠡᠶ᠎ᠡ ᠲᠠᠢ ᠪᠠ ᠢᠳᠡᠭᠡᠨ ᠪᠠᠷᠠᠬᠤ ᠬᠣᠪᠳᠤᠭ ᠲᠤᠯᠠ ᠪᠠᠷᠤᠯᠠᠰ ᠣᠪᠤᠭᠲᠠᠨ ᠪᠣᠯᠪᠠ᠃ ᠬᠠᠴᠤᠯᠠ᠎ᠶᠢᠨ ᠬᠦᠪᠡᠭᠦᠨ ᠪᠠᠰᠠ ᠢᠳᠡᠭᠡᠨ ᠪᠠᠷᠠᠬᠤ ᠬᠣᠪᠳᠣᠭ ᠲᠤᠯᠠ ᠶᠡᠬᠡ ᠪᠠᠷᠤᠯᠠ᠂ ᠥᠴᠦᠬᠡᠨ ᠪᠠᠷᠤᠯᠠ ᠭᠡᠬᠦ ᠬᠣᠴᠢ ᠨᠠᠷᠡᠲᠡᠢ ᠪᠣᠯᠵᠤ᠂ ᠣᠯᠠᠮ᠎ᠢᠶᠠᠷ ᠡᠷᠳᠡᠮᠲᠦ ᠪᠠᠷᠤᠯᠠ᠂ ᠲᠣᠳᠤᠢᠨ ᠪᠠᠷᠤᠯᠠ ᠲᠡᠷᠢᠭᠦᠲᠡᠨ ᠪᠠᠷᠤᠯᠠᠰ ᠣᠪᠤᠭᠲᠠᠨ ᠪᠣᠯᠪᠠ᠃ ᠬᠠᠷᠠᠨᠳᠠᠢ᠎ᠶᠢᠨ ᠬᠦᠪᠡᠭᠦᠳ ᠪᠤᠳᠠᠭ᠎ᠠ ᠮᠡᠲᠦ ᠡᠬᠢ ᠲᠥᠷᠦᠭᠦᠦ ᠦᠭᠡᠢ ᠬᠤᠳᠬᠤᠯᠳᠤᠬᠤ ᠲᠤᠯᠠ ᠪᠤᠳᠠᠭᠠᠳ ᠣᠪᠤᠭᠲᠠᠨ ᠪᠣᠯᠪᠠ᠃ ᠬᠠᠴᠢᠭᠤᠨ᠎ᠤ ᠬᠦᠪᠡᠭᠦᠨ ᠠᠳᠠᠷᠬᠢᠳᠠᠢ ᠨᠡᠷ᠎ᠡ ᠲᠠᠢ᠃ ᠠᠬ᠎ᠠ ᠳᠡᠭᠦᠦ᠎ᠶᠢᠨ ᠳᠣᠮᠳᠠ ᠠᠳᠠᠷᠮᠠᠳᠠᠢ ( ᠶᠠᠬᠢᠷ ᠬᠡᠷᠡᠭᠦᠯᠴᠢ) ᠲᠤᠯᠠ ᠠᠳᠠᠷᠬᠢᠨ ᠣᠪᠤᠭᠲᠠᠨ ᠪᠣᠯᠪᠠ᠃ ᠨᠠᠴᠢᠨ ᠪᠠᠭᠠᠲᠤᠷ᠎ᠤᠨ ᠬᠦᠪᠡᠭᠦᠨ ᠤᠷᠤᠭᠤᠳᠠᠢ ᠮᠠᠩᠭᠤᠳᠠᠢ ᠬᠣᠶᠠᠷ ᠪᠢᠯᠡ᠃ ᠣᠷᠤᠭᠤᠳ᠂ ᠮᠠᠩᠭᠤᠳ ᠣᠪᠤᠭᠲᠠᠨ ᠪᠣᠯᠪᠠ᠃ ᠨᠠᠴᠢᠨ ᠪᠠᠭᠠᠲᠤᠷ᠎ᠤᠨ ᠠᠪᠠᠯᠢ ᠡᠮ᠎ᠡ᠎ᠡᠴᠡ ᠲᠥᠷᠦᠭᠰᠡᠨ ᠬᠦᠪᠡᠭᠦᠨ ᠰᠢᠵᠢᠭᠤᠲᠠᠢ ᠳᠣᠭᠣᠯᠲᠠᠢ ᠬᠣᠶᠠᠷ ᠪᠢᠯᠡ᠃

返回顶部