《 ᠮᠣᠩᠭᠣᠯ᠎ᠤᠨ ᠨᠢᠭᠤᠴᠠ ᠲᠣᠪᠴᠢᠶᠠᠨ》
ᠨᠢᠭᠡᠳᠦᠭᠡᠷ ᠪᠦᠯᠦᠭ᠂ ᠲᠡᠮᠦᠵᠢᠨ᠎ᠦ ᠤ᠌ᠭ ᠭᠠᠷᠤᠯ ᠪᠠ ᠪᠠᠭ᠎ᠠ ᠨᠠᠰᠤᠨ᠎ᠤ ᠦᠶ᠎ᠡ
43᠂ ᠪᠤᠳᠠᠨᠴᠠᠷ᠎ᠤᠨ ᠠᠪᠠᠯᠢ ᠡᠮ᠎ᠡ᠎ᠡᠴᠡ ᠲᠥᠷᠦᠭᠰᠡᠨ ᠬᠥᠪᠡᠭᠦᠨ ᠪᠠᠷᠢᠨ ᠰᠢᠬᠢᠷᠲᠦ ᠬᠠᠪᠢᠴᠢ ᠨᠡᠷ᠎ᠡ ᠲᠠᠢ᠃ ᠲᠡᠷᠡ ᠬᠠᠪᠢᠴᠢ ᠪᠠᠭᠠᠲᠤᠷ᠎ᠤᠨ ᠡᠬᠡ᠎ᠶᠢᠨ ᠢᠨᠵᠢ᠎ᠳᠦ ᠢᠷᠡᠭᠰᠡᠨ ᠡᠮ᠎ᠡ᠎ᠶᠢ ᠪᠤᠳᠠᠨᠴᠠᠷ᠂ ᠲᠠᠲᠠᠪᠤᠷᠢ ᠡᠮ᠎ᠡ ᠪᠣᠯᠭᠠᠵᠤ ᠨᠢᠭᠡᠨ ᠬᠦᠪᠡᠭᠦᠨ ᠲᠥᠷᠦᠭᠰᠡᠨ᠎ᠳᠦ ᠵᠠᠭᠤᠷᠢᠲᠠᠢ ᠨᠡᠷ᠎ᠡ ᠥᠭᠪᠡ᠃ ᠪᠤᠳᠠᠨᠴᠠᠷ ᠠᠮᠢᠳᠤ ᠪᠠᠢᠬᠤ᠎ᠳᠤ᠎ᠪᠠᠨ ᠵᠠᠭᠤᠷᠢᠳᠠᠢᠶᠢ ᠵᠦᠭᠦᠯᠢ ᠳᠠᠢᠯᠭ᠎ᠠ᠎ᠳᠤ ᠤᠷᠤᠬᠤ ᠡᠷᠬᠡ ᠲᠠᠢ ᠪᠣᠯᠭᠠᠪᠠ᠃